论文信息


题名 ᠮᠤᠩᠭ᠋ᠤᠯ ᠪᠠᠭᠠᠳᠤᠷ ᠤᠨ ᠲᠤᠤᠯᠢ ᠳ᠋ᠡᠬᠢ ᠢᠷᠡᠭᠤ ᠰᠠᠢ᠌ᠬᠠᠨ᠋ ᠤ ᠤᠢ᠌ᠯᠠᠭᠠᠭᠳᠠᠬᠤᠨ ᠵᠢᠴᠢ ᠲᠡᠭᠦᠨ ᠤ ᠨᠡᠢ᠌ᠭᠡᠮ ᠲᠡᠦᠬᠡ ᠶᠢᠨ ᠡᠬᠢ ᠰᠤᠷᠪᠤᠯᠵᠢ
作者 ᠳ᠋ᠤᠺᠲ᠋ᠤᠷ᠂ ᠲᠡᠳ᠋ ᠫᠷᠤᠹᠸᠰᠰᠤᠷ ᠡᠷᠳᠡᠨᠢ
关键词 ᠮᠤᠩᠭ᠋ᠤᠯ ᠪᠠᠭᠠᠳᠤᠷ ᠤᠨ ᠲᠤᠤᠯᠢ; ᠢᠷᠠᠭᠤ ᠰᠠᠢ᠌ᠬᠠᠨ ᠤ ᠤᠢ᠌ᠯᠠᠭᠠᠭᠳᠠᠬᠤᠨ; ᠢᠯᠡᠷᠡᠭᠦᠢ ᠬᠡᠯᠪᠡᠷᠢ; ᠡᠬᠢ ᠰᠤᠷᠪᠤᠯᠵᠢ; ᠵᠠᠯᠭᠠᠮᠵᠢᠯᠠᠯ ᠬᠢᠭᠡᠳ ᠲᠡᠯᠭᠡᠷᠡᠭᠦᠯᠦᠯ
摘要 ᠬᠦᠮᠦᠨ ᠲᠦᠷᠦᠯᠬᠢᠳᠡᠨ ᠠᠩᠬᠠᠨ ᠤ ᠦᠶ᠎ᠡ ᠳ᠋ᠡᠭᠡᠨ ᠤᠷᠤᠰᠢᠨ ᠠᠮᠢᠳᠤᠷᠠᠬᠤ ᠶᠢᠨ ᠬᠡᠷᠡᠭᠴᠡᠭᠡ ᠡᠴᠡ ᠪᠠᠨ ᠪᠤᠯᠵᠤ ᠬᠡᠷᠡᠭ ᠪᠤᠳᠠᠰ ᠲᠤ ᠬᠠᠨᠳᠤᠬᠤ ᠳ᠋ᠠᠭᠠᠨ ᠬᠡᠷᠡᠭᠯᠡᠭᠡᠨ ᠤ ᠦᠨ᠎ᠡ ᠦᠷᠳᠡᠭ ᠢ ᠨᠢ ᠭᠤᠤᠯ ᠠᠩᠬᠠᠷᠳᠠᠭ ᠪᠠᠢ᠌ᠭᠰᠠᠨ ᠶᠤᠮ᠃ ᠤᠷᠳᠤ ᠬᠤᠭᠤᠴᠠᠭᠠᠨ ᠤ ᠲᠤᠷᠰᠢ ᠡᠨᠡᠬᠦ ᠠᠩᠬᠠᠷᠤᠯ ᠨᠢ ᠠᠭᠠᠵᠢᠮ ᠳ᠋ᠠᠭᠠᠨ ᠬᠡᠷᠡᠭᠴᠡᠭᠡ ᠲᠠᠢ ᠶᠠᠭᠤᠮ᠎ᠠ ᠪᠦᠬᠦᠨ ᠭᠤᠣ᠎ᠠ ᠰᠠᠢ᠌ᠬᠠᠨ ᠭᠡᠬᠦ ᠤᠢ᠌ᠯᠠᠭᠠᠭᠳᠠᠬᠤᠨ ᠪᠤᠯᠤᠨ ᠤᠯᠠᠷᠢᠨ ᠬᠤᠪᠢᠰᠴᠠᠢ᠃ ᠢᠷᠠᠭᠤ ᠰᠠᠢ᠌ᠬᠠᠨ ᠪᠤᠯ ᠭᠤᠣ᠎ᠠ ᠵᠦᠢ ᠶᠢᠨ ᠦᠨᠳᠦᠰᠦᠨ ᠠᠢ ᠳᠤ ᠬᠠᠷᠢᠶᠠᠯᠠᠭᠳᠠᠬᠤ ᠴᠢᠬᠤᠯᠠ ᠨᠢᠭᠡ ᠨᠠᠢ᠌ᠷᠠᠭ ᠶᠤᠮ᠃ ᠶᠡᠷᠦᠳᠡᠭᠡᠨ 《ᠬᠦᠮᠦᠨ ᠳᠤ ᠯᠡ ᠪᠠᠢ᠌ᠳᠠᠭ》᠂ 《ᠶᠤᠰᠤ ᠰᠤᠷᠳᠠᠬᠤᠨ ᠤ ᠴᠢᠨᠠᠷ ᠲᠠᠢ》᠂《ᠠᠮᠢᠵᠢᠷᠠᠯ ᠤᠨ ᠬᠦᠴᠦᠨ ᠲᠠᠢ》 ᠵᠦᠢᠯᠡᠰ  ᠢ ᠯᠡ ᠵᠢᠭᠠᠳᠠᠭ᠃ ᠮᠤᠩᠭ᠋ᠤᠯ ᠪᠠᠭᠠᠳᠤᠷ ᠤᠨ ᠲᠤᠤᠯᠢ  ᠳᠤ ᠡᠷᠳᠡᠨ ᠤ ᠮᠤᠩᠭ᠋ᠤᠯᠴᠤᠳ ᠤᠨ ᠢᠷᠠᠭᠤ ᠰᠠᠢ᠌ᠬᠠᠨ ᠤ ᠤᠢ᠌ᠯᠠᠭᠠᠭᠳᠠᠬᠤᠨ ᠲᠤᠰᠬᠠᠭᠳᠠᠵᠤ ᠪᠠᠢ᠌ᠳᠠᠭ᠃ ᠲᠡᠷᠡ ᠮᠦᠷᠳᠡᠭᠡᠨ ᠭᠡᠷᠡᠯ ᠭᠡᠭᠡ᠂ ᠭᠠᠯ ᠴᠤᠭ᠂ ᠲᠠᠩᠰᠤᠭ ᠪᠠᠢ᠌ᠭᠠᠯᠢ᠂ ᠵᠤᠬᠢᠴᠠᠩᠭ᠋ᠤᠢ ᠨᠡᠢ᠌ᠭᠡᠮ ᠤᠨ ᠲᠤᠬᠠᠢ ᠪᠤᠳᠠᠳᠤ ᠲᠦᠷᠰᠦᠯᠡᠯ ᠳᠤ ᠢᠷᠡᠭᠤ ᠰᠠᠢ᠌ᠬᠠᠨ  ᠤ ᠤᠢ᠌ᠯᠠᠭᠠᠭᠳᠠᠬᠤᠨ ᠲᠦᠪᠯᠡᠷᠡᠨ ᠢᠯᠡᠷᠡᠵᠦ ᠪᠠᠢ᠌ᠳᠠᠭ ᠶᠤᠮ᠃ ᠭᠡᠭᠦ ᠳ᠋ᠡᠭᠡᠨ ᠲᠡᠷᠡᠬᠦ ᠤᠢ᠌ᠯᠠᠭᠠᠭᠳᠠᠬᠤᠨ ᠤ ᠡᠬᠢ ᠰᠤᠷᠪᠤᠯᠵᠢ ᠨᠢ ᠡᠷᠳᠡᠨ ᠤ ᠮᠤᠩᠭ᠋ᠤᠯᠴᠤᠳ ᠤᠨ ᠠᠮᠢᠳᠤᠷᠠᠯ ᠠᠬᠤᠢ ᠂ ᠪᠠᠯᠠᠷ ᠰᠢᠳᠦᠯᠭᠡ᠂ ᠲᠤᠮᠤᠭ ᠵᠦᠢ ᠬᠢᠭᠡᠳ ᠲᠡᠦᠬᠡ ᠵᠦᠢ ᠲᠠᠢ ᠬᠤᠯᠪᠤᠭᠳᠠᠵᠤ ᠪᠠᠢ᠌ᠳᠠᠭ᠃ ᠮᠤᠩᠭ᠋ᠤᠯ ᠪᠠᠭᠠᠳᠤᠷ ᠤᠨ ᠲᠤᠤᠯᠢ ᠶᠢᠨ ᠵᠠᠯᠭᠠᠮᠵᠢᠯᠠᠯ ᠬᠢᠭᠡᠳ ᠲᠡᠯᠭᠡᠷᠡᠭᠦᠯᠦᠯ ᠤᠨ ᠡᠴᠢᠨ᠎ᠡ ᠵᠢᠮ᠎ᠡ ᠪᠤᠯ ᠨᠡᠢ᠌ᠭᠡᠮ ᠤ ᠬᠦᠭ᠍ᠵᠢᠯ ᠬᠤᠪᠢᠷᠠᠯ ᠬᠢᠭᠡᠳ ᠬᠦᠮᠦᠰ ᠤᠨ ᠭᠤᠣ᠎ᠠ ᠲᠠᠭᠠᠰᠢᠶᠠᠯ ᠤᠨ ᠬᠦᠰᠡᠯ ᠱᠠᠭᠠᠷᠳᠠᠯᠭ᠎ᠠ ᠲᠠᠢ ᠲᠠᠰᠤᠷᠠᠯᠳᠠ ᠦᠭᠡᠢ ᠵᠤᠬᠢᠴᠠᠨ ᠨᠡᠢ᠌ᠯᠡᠭᠰᠡᠨ ᠶᠠᠪᠤᠳᠠᠯ ᠶᠤᠮ᠃
原文 查看原文
出自 内蒙古社会科学(蒙文版) 2015年 第4期

联系我们


内蒙古大学图书馆
呼和浩特市大学西路235号
中国·内蒙古
P: (0471) 4992561
E: huangfeilong@imu.edu.cn