摘要 |
ᠲᠠᠬᠢᠯᠭ᠎ᠠ ᠶᠢᠨ ᠪᠢᠴᠢᠭ᠌᠂ ᠲᠡᠦᠬᠡᠨ ᠪᠢᠴᠢᠭ᠌ ᠪᠡ ᠬᠡᠭᠡᠷ᠎ᠡ ᠶᠢᠨ ᠰᠢᠨᠵᠢᠯᠡᠭᠡ ᠶᠢᠨ ᠮᠠᠲ᠋ᠧᠷᠢᠶᠠᠯ ᠢ ᠦᠨᠳᠦᠰᠦᠯᠡᠯ ᠪᠤᠯᠭᠠᠬᠤ ᠶᠢᠨ ᠵᠡᠷᠭᠡᠴᠡᠭᠡ ᠶᠡᠬᠡ ᠮᠣᠩ᠋ᠭᠤᠯ ᠤᠯᠤᠰ ᠤᠨ ᠲᠦᠷᠦ ᠶᠢᠨ ᠲᠠᠬᠢᠯᠭ᠎ᠠ ᠲᠠᠢ ᠬᠠᠷᠢᠴᠠᠭᠤᠯᠤᠨ ᠰᠢᠵᠢᠯᠡᠬᠦ ᠠᠷᠭ᠎ᠠ ᠪᠠᠷ ᠵᠡᠭᠦᠨ ᠭᠠᠷ ᠬᠠᠭᠠᠯᠢᠭ ᠤᠨ ᠲᠦᠷᠦ ᠶᠢᠨ ᠲᠠᠬᠢᠯᠭ᠎ᠠ ᠳᠤ ᠰᠢᠨᠵᠢᠯᠡᠯ ᠬᠢᠪᠡ᠃ ᠵᠡᠭᠦᠨ ᠭᠠᠷ ᠬᠠᠭᠠᠯᠢᠭ ᠳᠦᠷᠪᠡᠨ ᠴᠠᠭ ᠢᠶᠠᠷ ᠬᠤᠭᠤᠴᠠᠭᠠᠯᠠᠭᠰᠠᠨ ᠲᠡᠭᠷᠢ ᠭᠠᠵᠠᠷ ᠪᠡ ᠳᠡᠭᠡᠳᠦᠰ ᠦᠨ ᠲᠠᠬᠢᠯᠭ᠎ᠠ ᠪᠠᠷ ᠠᠭᠤᠯᠭ᠎ᠠ ᠪᠤᠯᠭᠠᠭᠰᠠᠨ ᠲᠦᠷᠦ ᠶᠢᠨ ᠲᠠᠬᠢᠯᠭ᠎ᠠ ᠦᠢᠯᠡᠳᠴᠦ ᠪᠠᠢ᠌ᠵᠠᠢ᠃ ᠵᠤᠨ ᠤ ᠦᠷᠡᠰ ᠦᠨ ᠲᠠᠬᠢᠯᠭ᠎ᠠ ᠪᠠᠨ ᠪᠤᠭᠲᠠ ᠠᠭᠤᠯᠠᠨ ᠳᠤ ᠬᠢᠵᠦ ᠪᠠᠢ᠌ᠭᠰᠠᠨ᠃ ᠲᠦᠷᠦ ᠶᠢᠨ ᠲᠠᠬᠢᠯᠭ᠎ᠠ ᠳᠤᠨᠢ ᠲᠦᠪᠡᠳ ᠤᠯᠠᠮᠵᠢᠯᠠᠯᠲᠤ ᠪᠤᠷᠬᠠᠨ ᠤ ᠱᠠᠰᠢᠨ ᠤ ᠨᠦᠯᠦᠭᠡ ᠭᠦᠨ ᠳᠤᠰᠴᠠᠢ᠃ ᠠᠯᠲᠠᠨ ᠤᠷᠤᠭᠲᠠᠨ ᠲᠠᠢ ᠤᠷᠤᠭ ᠤᠨ ᠬᠠᠷᠢᠴᠠᠭ᠎ᠠ ᠲᠠᠢ ᠬᠤᠢ᠌ᠳ ᠤᠨ ᠲᠦᠷᠦᠭᠦᠦ ᠶᠠᠪᠠᠭᠠᠨ ᠮᠡᠷᠭᠡᠨ ᠦ ᠨᠡᠷ᠎ᠡ ᠶᠢᠨ ᠳᠤᠤᠷ᠎ᠠ ᠣᠢ᠌ᠷᠠᠳ ᠤᠨ ᠬᠤᠯᠪᠤᠭ᠎ᠠ ᠪᠠᠢ᠌ᠭᠤᠯᠤᠭᠰᠠᠨ ᠦᠵᠡᠯ ᠰᠠᠨᠠᠭ᠎ᠠ᠂ ᠤᠯᠤᠰ ᠲᠦᠷᠦ ᠶᠢᠨ ᠤᠯᠠᠮᠵᠢᠯᠠᠯ ᠢ ᠮᠦᠷᠳᠡᠵᠦ ᠳᠡᠭᠡᠳᠦᠰ ᠦᠨ ᠲᠠᠬᠢᠯᠭ᠎ᠠ ᠪᠠᠨ ᠮᠦᠨ ᠶᠠᠪᠠᠭᠠᠨ ᠮᠡᠷᠭᠡᠨ ᠦ ᠨᠡᠷ᠎ᠡ ᠶᠢᠨ ᠳᠤᠤᠷ᠎ᠠ ᠦᠢᠯᠡᠳᠴᠦ ᠪᠠᠢ᠌ᠵᠠᠢ᠃ |