题名 |
ᠵᠠᠷᠤᠳ ᠮᠤᠩᠭ᠋ᠤᠯᠴᠤᠳ ᠤᠨ ᠤᠯᠠᠮᠵᠢᠯᠠᠯᠳᠤ ᠬᠤᠪᠴᠠᠰᠤ ᠬᠤᠨᠠᠷ ᠵᠢᠴᠢ ᠵᠠᠷᠢᠮ ᠬᠤᠪᠢᠰᠤᠯ ᠤᠨᠳᠤᠤᠰᠢᠯ |
作者 |
ᠨᠠ • ᠭᠡᠭᠡᠨᠰᠠᠷᠠᠨ |
关键词 |
ᠵᠠᠷᠤᠳ ᠮᠤᠩᠭ᠋ᠤᠯᠴᠤᠳ; ᠬᠤᠪᠴᠠᠰᠤ ᠬᠤᠨᠠᠷ; ᠬᠤᠪᠢᠰᠤᠯ ᠤᠨᠳᠤᠤᠰᠢᠯ |
摘要 |
ᠲᠡᠭᠡᠷ᠎ᠡ ᠵᠠᠭᠤᠨ ᠤ ᠨᠠᠶᠠᠭᠠᠳ ᠤᠨ ᠤ ᠦᠶ᠎ᠡ ᠬᠦᠷᠴᠦ ᠢᠷᠡᠭᠡᠳ ᠵᠠᠷᠤᠳ ᠮᠤᠩᠭ᠋ᠤᠯᠴᠤᠳ ᠤᠨ ᠬᠤᠪᠴᠠᠰᠤ ᠬᠤᠨᠠᠷ ᠲᠤ ᠢᠯᠡᠳᠳᠡ ᠰᠢᠨ᠎ᠡ ᠬᠤᠪᠢᠷᠠᠯᠳᠠ ᠭᠠᠷᠤᠭᠰᠠᠨ ᠶᠤᠮ᠃ ᠵᠠᠷᠤᠳ ᠮᠤᠩᠭ᠋ᠤᠯᠴᠤᠳ ᠤᠨ ᠤᠯᠠᠮᠵᠢᠯᠠᠯᠳᠤ ᠬᠤᠪᠴᠠᠰᠤ ᠬᠤᠨᠠᠷ ᠤᠨ ᠬᠤᠪᠢᠰᠤᠯ ᠤᠨ ᠲᠡᠤᠭᠡᠨ ᠶᠠᠪᠤᠴᠠ ᠪᠠ ᠨᠦᠬᠦᠴᠡᠯ ᠰᠢᠯᠳᠠᠭᠠᠨ ᠢ ᠰᠤᠶᠤᠯ ᠤᠨ ᠬᠤᠪᠢᠰᠤᠯ᠂ ᠤᠯᠤᠰ ᠲᠦᠷᠦ ᠶᠢᠨ ᠭᠠᠢ ᠭᠠᠮᠰᠢᠭ᠂ᠰᠢᠨ᠎ᠡ ᠮᠠᠲ᠋ᠸᠷᠢᠶᠠᠯ ᠤᠨ ᠲᠦᠷᠢᠯᠳᠡ᠂ ᠮᠠᠰᠢᠨᠴᠢᠯᠡᠯᠳᠡ ᠶᠢᠨ ᠦᠷ᠎ᠡ ᠨᠦᠯᠦᠭᠡ᠂ ᠵᠠᠷᠤᠳ ᠮᠤᠩᠭ᠋ᠤᠯᠴᠤᠳ ᠤᠨ ᠬᠤᠪᠴᠠᠰᠤ ᠵᠠᠰᠠᠯ ᠤᠨ ᠲᠤᠬᠠᠢ ᠭᠤᠤ᠎ᠠ ᠲᠠᠭᠠᠰᠢᠶᠠᠯ ᠤᠨ ᠬᠤᠪᠢᠰᠤᠯ ᠵᠠᠷᠭᠡ ᠭᠡᠳᠤᠨ ᠲᠠᠯ᠎ᠠ ᠪᠠᠷ ᠬᠠᠢ᠋ᠨ ᠰᠦᠪᠡᠭ᠍ᠴᠢᠯᠡᠵᠦ ᠪᠤᠯᠬᠤ ᠪᠡ ᠵᠠᠷᠤᠤᠨ ᠮᠤᠩᠭ᠋ᠤᠯᠴᠤᠳ ᠤᠨ ᠤᠯᠠᠮᠵᠢᠯᠠᠯᠳᠤ ᠬᠤᠪᠴᠠᠰᠤ ᠬᠤᠨᠠᠷ ᠤᠨ ᠪᠦᠳᠦᠴᠡ ᠶᠢᠨ ᠬᠤᠪᠢᠰᠤᠯ ᠰᠢᠨᠡᠳᠤᠯ ᠪᠤᠶᠤ ᠵᠠᠷᠢᠮ ᠤᠰᠠᠳᠤᠯ ᠲᠠᠰᠤᠯᠳᠤᠯ ᠢ ᠤᠯᠠᠮᠵᠢᠯᠠᠯᠳᠤ ᠲᠡᠷᠯᠢᠭ᠂ ᠤᠤᠵᠢᠨ ᠴᠤᠪᠠ᠂ ᠭᠤᠳᠤᠯ ᠱᠠᠬᠠᠢ᠂ ᠮᠠᠯᠭᠠᠢ ᠴᠢᠬᠢᠪᠴᠢ᠂ ᠪᠦᠭᠡᠴᠢᠨ ᠤ ᠬᠤᠪᠴᠠᠰᠤ ᠵᠠᠰᠠᠯ ᠵᠡᠷᠭᠡ ᠬᠡᠳᠤᠨ ᠲᠦᠷᠦᠯ ᠳᠤ ᠬᠤᠪᠢᠶᠠᠷᠢᠯᠡᠵᠡᠢ᠃ |
原文 |
查看原文
|
出自 |
中国蒙古学
2017年
第2期
|