题名 |
ᠪᠧᠨ᠋ᠧᠽᠧᠨ — ᠡᠲ᠋ᠢᠯ ᠠᠯᠺᠤᠤᠯ ᠤᠨ ᠠᠭ᠋᠋ᠤᠰᠤᠮᠠᠯ ᠤᠨ ᠹᠠᠰ ᠤᠨ ᠵᠢᠷᠤᠮᠠᠭ ᠢ ᠵᠢᠷᠤᠬᠠ ᠲᠤᠷᠰᠢᠯᠲᠠ ᠶᠢᠨ ᠦᠭᠡᠷᠡᠴᠢᠯᠡᠯᠲᠡ |
作者 |
ᠷᠦᠩ ᠬᠤᠸᠠ; ᠴᠠᠩ ᠶᠦᠸᠧ ᠶᠢᠩ |
关键词 |
ᠴᠠᠭ᠋ᠠᠷᠢᠭ ᠾᠧᠺᠰᠠᠨ; ᠹᠠᠰ ᠤᠨ ᠵᠢᠷᠤᠮᠠᠭ; ᠠᠪᠧᠢ ᠭᠡᠷᠡᠯ ᠬᠤᠭ᠋ᠤᠷᠠᠮᠵᠢ ᠶᠢᠨ ᠬᠡᠮᠵᠢᠭᠦᠷ |
摘要 |
ᠬᠤᠤᠷᠠ ᠦᠭᠡᠢ ᠴᠠᠭ᠋ᠠᠷᠢᠭ ᠾᠧᠺᠰᠠᠨ ᠢᠶᠠᠷ ᠬᠤᠤᠷᠠ ᠲᠠᠢ ᠪᠧᠨ᠋ᠡᠽᠧᠨ ᠢ ᠣᠷᠤᠯᠠᠭ᠋ᠤᠯᠵᠤ᠂ ᠪᠧᠨ᠋ᠧᠽᠧᠨ — ᠡᠲ᠋ᠢᠯ ᠠᠯᠺᠤᠤᠯ ᠤᠨ ᠠᠭ᠋ᠤᠰᠤᠮᠠᠯ ᠤᠨ ᠹᠠᠰ ᠤᠨ ᠵᠢᠷᠤᠮᠠᠭ ᠢ ᠵᠢᠷᠤᠬᠤ ᠲᠤᠷᠰᠢᠯᠲᠠ ᠶᠢ ᠴᠠᠭ᠋ᠠᠷᠢᠭ ᠾᠧᠺᠰᠠᠨ — ᠡᠲ᠋ᠢᠯ ᠠᠯᠺᠤᠤᠯ ᠤᠨ ᠠᠭ᠋ᠤᠰᠤᠮᠠᠯ ᠤᠨ ᠹᠠᠰ ᠤᠨ ᠵᠢᠷᠤᠮᠠᠭ ᠢ ᠵᠢᠷᠤᠬᠤ ᠲᠤᠷᠰᠢᠯᠲᠠ ᠪᠤᠯᠭ᠋ᠠᠨ ᠦᠭᠡᠷᠡᠴᠢᠯᠡᠪᠡ᠃ ᠤᠷᠪᠠᠯᠵᠢ ᠶᠢᠨ ᠳᠠᠬᠢᠨ ᠠᠰᠢᠭᠯᠠᠭᠰᠠᠨ ᠠᠴᠠ ᠲᠤᠷᠰᠢᠯᠲᠠ ᠶᠢᠨ ᠵᠠᠷᠤᠳᠠᠯ ᠢ ᠠᠷᠪᠢᠯᠠᠵᠤ ᠴᠢᠳᠠᠭᠰᠠᠨ ᠪᠦᠭᠡᠳ ᠣᠷᠴᠢᠨ ᠲᠤᠭ᠋ᠤᠷᠢᠨ ᠤ ᠪᠤᠵᠠᠷᠲᠠᠯ ᠢ ᠪᠠᠭ᠋ᠠᠰᠬᠠᠬᠵᠤ ᠴᠢᠳᠠᠭᠰᠠᠨ ᠪᠠᠢᠨᠠ᠃ ᠠᠷᠭᠠ᠄ ᠪᠤᠴᠠᠯᠤᠯᠲᠠ ᠶᠢᠨ ᠬᠡᠮᠵᠢᠭᠦᠷ ᠪᠤᠯᠤᠨ ᠠᠪᠧᠢ ᠭᠡᠷᠡᠯ ᠬᠤᠭ᠋ᠤᠷᠠᠮᠵᠢ ᠶᠢᠨ ᠬᠡᠮᠵᠢᠭᠦᠷ ᠢ ᠠᠰᠢᠭᠯᠠᠵᠤ᠂ ᠬᠤᠯᠢᠮᠠᠭ ᠰᠢᠩᠭᠡᠨ ᠦ ᠬᠡᠢ᠂ ᠰᠢᠩᠭᠡᠨ ᠬᠤᠶᠠᠷ ᠹᠠᠰ ᠤᠨ ᠲᠡᠩᠴᠡᠭᠦᠷᠢ ᠶᠢᠨ ᠦᠶᠡᠰ ᠲᠡᠬᠢ ᠪᠤᠴᠠᠯᠤᠯᠲᠠ ᠶᠢᠨ ᠴᠡᠭ ᠪᠡ ᠭᠡᠷᠡᠯ ᠬᠤᠭ᠋ᠤᠷᠠᠮᠵᠢ ᠶᠢ ᠨᠢ ᠬᠡᠮᠵᠢᠨ᠂ ᠠᠵᠢᠯᠯᠠᠬᠤ ᠱᠤᠭ᠋ᠤᠮ ᠳᠡᠭᠡᠷᠡ ᠡᠴᠡ ᠭᠡᠷᠡᠯ ᠬᠤᠭ᠋ᠤᠷᠠᠮᠵᠢ ᠲᠠᠢ ᠬᠠᠷᠠᠭ᠋ᠠᠯᠵᠠᠭᠰᠠᠨ ᠪᠦᠷᠢᠯᠳᠦᠭᠦᠨ ᠦ ᠬᠡᠮᠵᠢᠶᠡ ᠶᠢ ᠡᠷᠢᠨ ᠣᠯᠵᠤ᠂ ᠹᠠᠰ ᠤᠨ ᠵᠢᠷᠤᠮᠠᠭ (ᠪᠤᠴᠠᠯᠤᠯᠲᠠ ᠶᠢᠨ ᠴᠡᠭ — ᠪᠦᠷᠢᠯᠳᠦᠭᠦᠨ) ᠢ ᠵᠢᠷᠤᠨᠠ᠃ ᠦᠷᠡ ᠳ᠋ᠦᠩ᠄ ᠲᠤᠷᠰᠢᠯᠲᠠ ᠠᠴᠠ ᠵᠢᠷᠤᠭᠯᠠᠵᠤ ᠭᠠᠷᠭ᠋ᠠᠭᠰᠠᠨ ᠴᠠᠭ᠋ᠠᠷᠢᠭ ᠾᠧᠺᠰᠠᠨ ᠪᠤᠯᠤᠨ ᠡᠲ᠋ᠢᠯ ᠠᠯᠺᠤᠤᠯ ᠤᠨ ᠠᠭ᠋ᠤᠰᠤᠮᠠᠯ ᠤᠨ ᠹᠠᠰ ᠤᠨ ᠵᠢᠷᠤᠮᠠᠭ ᠠᠴᠠ ᠦᠵᠡᠵᠦ ᠭᠠᠷᠬᠤ ᠨᠢ᠂ ᠴᠠᠭ᠋ᠠᠷᠢᠭ ᠾᠧᠺᠰᠠᠨ ᠪᠤᠯᠤᠨ ᠡᠲ᠋ᠢᠯ ᠠᠯᠺᠤᠤᠯ ᠪᠤᠯ ᠬᠠᠷᠢᠯᠴᠠᠨ ᠪᠦᠷᠢᠮᠦᠰᠦᠨ ᠠᠭ᠋ᠤᠰᠬᠤ ᠮᠦᠷᠲᠡᠭᠡᠨ ᠬᠠᠮᠤᠭ ᠳᠤᠤᠷᠠ ᠪᠠᠩᠭ᠋ᠤ ᠪᠤᠴᠠᠯᠤᠯᠲᠠ ᠶᠢᠨ ᠴᠡᠭ ᠲᠡᠢ ᠰᠢᠰᠲ᠋ᠧᠮ ᠪᠤᠯᠤᠨᠠ᠃ ᠡᠨ᠋ᠡ ᠨᠢ ᠹᠠᠰ ᠤᠨ ᠵᠢᠮᠡ ᠬᠠᠤᠯᠢ ᠲᠠᠢ ᠪᠦᠷᠢᠮᠦᠰᠦᠨ ᠨᠡᠢᠴᠡᠵᠦ ᠪᠠᠢᠨᠠ᠃ ᠤᠷᠪᠠᠯᠵᠢ ᠶᠢ ᠳᠠᠬᠢᠨ ᠠᠰᠢᠭᠯᠠᠵᠤ ᠬᠢᠭᠰᠡᠨ ᠲᠤᠷᠰᠢᠯᠲᠠ ᠨᠢ ᠮᠦᠨ ᠤᠭ ᠤᠨ ᠲᠤᠷᠰᠢᠯᠲᠠ ᠲᠠᠢ ᠪᠠᠨ ᠦᠨᠳᠦᠰᠦᠨ ᠳᠡᠭᠡᠨ ᠵᠤᠬᠢᠴᠠᠵᠤ᠂ ᠵᠢᠭ᠋ᠠᠨ ᠰᠤᠷᠭ᠋ᠠᠯᠲᠠ ᠶᠢᠨ ᠵᠤᠷᠢᠯᠲᠠ ᠳᠤ ᠬᠦᠷᠪᠡ᠃ ᠳ᠋ᠦᠩᠨ᠋ᠡᠯᠲᠡ᠄ ᠴᠠᠭ᠋ᠠᠷᠢᠭ ᠾᠧᠺᠰᠠᠨ — ᠡᠲ᠋ᠢᠯ ᠠᠯᠺᠤᠤ ᠤᠨ ᠠᠭ᠋ᠤᠰᠤᠮᠠᠯ ᠤᠨ ᠹᠠᠰ ᠤᠨ ᠵᠢᠷᠤᠮᠠᠭ ᠢ ᠵᠢᠷᠤᠬᠤ ᠲᠤᠷᠰᠢᠯᠲᠠ ᠶᠢ ᠣᠯᠠᠨ ᠤᠳᠠᠭ᠋ᠠᠨ ᠤ ᠲᠤᠷᠰᠢᠯᠲᠠ ᠪᠠᠷ ᠳᠠᠮᠵᠢᠨ ᠦᠷᠡ ᠳ᠋ᠦᠩ ᠨᠢ ᠵᠦᠪ ᠣᠨ᠋ᠣᠪᠴᠢᠲᠠᠢ ᠭᠡᠰᠡᠨ ᠢ ᠭᠡᠷᠡᠴᠢᠯᠡᠵᠡᠢ᠃ ᠣᠳᠣ ᠳᠤ ᠨᠢᠭᠡᠨᠲᠡ ᠰᠤᠷᠤᠭᠴᠢ ᠶᠢᠨ ᠲᠤᠷᠰᠢᠯᠲᠠ ᠪᠤᠯᠭ᠋ᠠᠨ ᠬᠡᠷᠡᠭᠯᠡᠪᠡ᠃ ᠤᠷᠪᠠᠯᠵᠢ ᠶᠢ ᠳᠠᠬᠢᠨ ᠠᠰᠢᠭᠯᠠᠭᠰᠠᠨ ᠠᠴᠠ ᠪᠤᠯᠵᠤ᠂ ᠲᠤᠷᠰᠢᠯᠲᠠ ᠶᠢᠨ ᠵᠠᠷᠤᠳᠠᠯ ᠢ ᠪᠠᠭ᠋ᠠᠰᠬᠠᠵᠤ᠂ ᠣᠷᠴᠢᠨ ᠲᠤᠭ᠋ᠤᠷᠢᠨ ᠤ ᠪᠤᠵᠠᠷᠲᠠᠯ ᠢ ᠪᠠᠭ᠋ᠠᠰᠬᠠᠪᠠ᠃ |
原文 |
没有原文
|
出自 |
内蒙古民族大学学报(自然科学)
2001年
第2期
|