论文信息


题名 ᠬᠠᠯᠢᠮᠠᠭ ᠬᠡᠯᠡᠨ ᠦ ᠲᠤᠷᠭᠤᠳ ᠠᠮᠠᠨ ᠠᠶᠠᠯᠭᠤᠨ ᠤ ᠡᠭᠡᠰᠢᠭ᠌ ᠠᠪᠢᠶᠠᠨ ᠤ ᠲᠤᠭᠲᠠᠯᠴᠠᠭ᠎ᠠ
作者 ᠰᠢᠦ ᠬᠤᠸᠠ
关键词 ᠬᠠᠯᠢᠮᠠᠭ ᠬᠡᠯᠡ; ᠲᠤᠷᠭᠤᠳ ᠠᠮᠠᠨ ᠠᠶᠠᠯᠭᠤ; ᠡᠭᠡᠰᠢᠭ᠌ ᠠᠪᠢᠶ᠎ᠠ
摘要 ᠦᠩᠭᠡᠷᠡᠭᠡᠨ ᠳᠦ ᠣᠯᠠᠩᠭᠢ ᠡᠷᠳᠡᠮᠲᠡᠳ ᠬᠠᠯᠢᠮᠠᠭ ᠬᠡᠯᠡᠨ ᠳᠦ ᠬᠤᠤᠰ ᠡᠭᠡᠰᠢᠭ᠌ ᠪᠠᠢ᠌ᠬᠤ ᠦᠭᠡᠢ ᠭᠡᠵᠦ ᠦᠵᠡᠵᠦ᠂ ᠵᠠᠷᠢᠮ ᠴᠦᠬᠡᠨ ᠡᠷᠳᠡᠮᠲᠡᠨ ᠬᠠᠯᠢᠮᠠᠭ ᠬᠡᠯᠡᠨ ᠳᠦ ᠬᠤᠤᠰ ᠡᠭᠡᠰᠢᠭ᠌ ᠲᠡᠢ ᠭᠡᠵᠦ ᠦᠵᠡᠵᠦ᠂ ᠵᠠᠷᠢᠮ ᠴᠦᠬᠡᠨ ᠡᠷᠳᠡᠮᠳᠡᠨ ᠬᠠᠯᠢᠮᠠᠭ ᠬᠡᠯᠡᠨ ᠳᠦ ᠬᠤᠤᠰ ᠡᠭᠡᠰᠢᠭ᠌ ᠲᠡᠢ ᠭᠡᠵᠦ ᠦᠵᠡᠭᠰᠡᠨ ᠪᠠᠢ᠌ᠨ᠎ᠠ᠃ ᠪᠢᠳᠡ ᠰᠢᠨᠵᠢᠶᠠᠩ ᠤᠨ ᠲᠤᠷᠭᠤᠳ ᠠᠮᠠᠨ ᠠᠶᠠᠯᠭᠤ᠂ ᠮᠣᠩ᠋ᠭᠤᠯ ᠤᠯᠤᠰ ᠲᠠᠬᠢ ᠲᠤᠷᠭᠤᠳ ᠠᠮᠠᠨ ᠠᠶᠠᠯᠭᠤ ᠶᠢᠨ ᠮᠠᠲ᠋ᠧᠷᠢᠶᠠᠯ ᠬᠢᠭᠡᠳ ᠬᠠᠯᠢᠮᠠᠭ ᠬᠡᠯᠡᠨ ᠦ ᠬᠡᠭᠡᠷ᠎ᠡ ᠶᠢᠨ ᠪᠠᠢ᠌ᠴᠠᠭᠠᠯᠲᠠ ᠶᠢᠨ ᠮᠠᠲ᠋ᠧᠷᠢᠶᠠᠯ ᠤᠨ ᠰᠠᠭᠤᠷᠢᠨ ᠳᠡᠭᠡᠷ᠎ᠡ ᠪᠠᠢ᠌ᠭᠤᠯᠤᠭᠰᠠᠨ 《ᠬᠠᠯᠢᠮᠠᠭ ᠬᠡᠯᠡᠨ ᠦ ᠲᠤᠷᠭᠤᠳ ᠠᠮᠠᠨ ᠠᠶᠠᠯᠭᠤᠨ ᠤ ᠮᠠᠲ᠋ᠧᠷᠢᠶᠠᠯ ᠤᠨ ᠬᠦᠮᠦᠷᠭᠡ》᠋ ᠶᠢ ᠦᠨᠳᠦᠰᠦᠯᠡᠵᠦ ᠪᠠᠢ᠌ᠭᠠᠳ ᠬᠠᠯᠢᠮᠠᠭ ᠬᠡᠯᠡᠨ ᠳᠦ ᠬᠤᠤᠰ ᠡᠭᠡᠰᠢᠭ᠌ ᠲᠡᠢ ᠪᠠᠢ᠌ᠭ᠎ᠠ ᠶᠢ ᠲᠤᠤᠷᠠᠭᠤᠯᠤᠨ ᠭᠠᠷᠭᠠᠭᠰᠠᠨ ᠢᠶᠠᠷ ᠪᠠᠷᠠᠬᠤ ᠦᠭᠡᠢ᠂ ᠪᠠᠢ᠌ᠳᠠᠯ ᠢ ᠲᠤᠳᠤᠷᠬᠠᠢ᠌ᠯᠠᠬᠤ ᠠᠷᠭ᠎ᠠ ᠪᠠᠷ ᠬᠠᠯᠢᠮᠠᠭ ᠤᠨ ᠲᠤᠷᠭᠤᠳ ᠠᠮᠠᠨ ᠠᠶᠠᠯᠭᠤᠨ ᠤ ᠡᠭᠡᠰᠢᠭ᠌ ᠠᠪᠢᠶᠠᠨ ᠤ ᠰᠢᠨᠵᠢ ᠴᠢᠨᠠᠷ ᠪᠠ ᠣᠨᠴᠠᠯᠢᠭ ᠢ ᠲᠤᠳᠤᠷᠬᠠᠢ᠌ᠯᠠᠵᠤ᠂ ᠡᠭᠡᠰᠢᠭ᠌ ᠠᠪᠢᠶᠠᠨ ᠤ ᠲᠤᠭᠲᠠᠯᠴᠠᠭ᠎ᠠ ᠶᠢ ᠢᠯᠡᠷᠡᠭᠦᠯᠦᠨ ᠭᠠᠷᠭᠠᠪᠠ᠃
原文 查看原文
出自 中国蒙古学 2013年 第6期

联系我们


内蒙古大学图书馆
呼和浩特市大学西路235号
中国·内蒙古
P: (0471) 4992561
E: huangfeilong@imu.edu.cn