摘要 |
ᠭᠠᠳᠠᠭᠠᠳᠤ ᠳᠤᠲᠤᠭᠠᠳᠤ ᠶᠢᠨ ᠠᠯᠢ ᠣᠯᠠᠨ ᠡᠷᠳᠡᠮᠲᠡᠳ 《ᠨᠢᠭᠤᠴᠠ ᠲᠤᠪᠴᠢᠶᠠᠨ》᠋ ᠤ 《ᠪᠢ ᠪᠡᠷ ᠤᠷᠢᠳᠤᠰ ᠢ ᠦᠯᠦ ᠤᠳᠠᠭᠠᠷᠠᠬᠤᠢ ᠠᠴᠠ ᠤᠮᠠᠷᠲᠠᠵᠤ ᠠᠵᠤᠭᠤ》 ᠭᠡᠳᠡᠭ ᠬᠡᠰᠡᠭ ᠲᠦ ᠭᠠᠷᠴᠤ ᠪᠠᠢ᠌ᠭ᠎ᠠ 《ᠤᠷᠢᠳᠤᠰ》 ᠭᠡᠬᠦ ᠦᠭᠡ ᠶᠢ ᠬᠤᠢ᠌ᠨᠠᠬᠢ ᠦᠢᠯᠡ ᠦᠭᠡ 《ᠤᠳᠠᠭᠠᠷᠠᠬᠤᠢ》᠋ ᠳᠠᠭᠠᠨ ᠰᠢᠭᠤᠳ ᠳᠤᠰᠤᠭᠳᠠᠬᠤᠨ ᠪᠤᠯᠵᠤ ᠪᠠᠢ᠌ᠬᠤ ᠪᠠᠷ ᠣᠷᠴᠢᠭᠤᠯᠬᠤ ᠪᠤᠶᠤ ᠲᠠᠢ᠌ᠯᠪᠤᠷᠢᠯᠠᠭᠰᠠᠭᠠᠷ ᠢᠷᠡᠵᠡᠢ᠃ ᠵᠤᠬᠢᠶᠠᠭᠴᠢ᠂ ᠲᠤᠰ ᠦᠭᠦᠯᠡᠯ ᠳᠡᠭᠡᠨ 《ᠤᠷᠢᠳᠤᠰ》 ᠪᠤᠯ 《ᠤᠳᠠᠭᠠᠷᠠᠬᠤᠢ》᠋ ᠶᠢᠨ ᠰᠢᠭᠤᠳ ᠳᠤᠰᠤᠭᠳᠠᠬᠤᠨ ᠪᠤᠰᠤ᠂ ᠬᠠᠷᠢᠨ ᠲᠡᠭᠦᠨ ᠦ ᠯᠤᠭᠢᠭ ᠤᠨ ᠦᠭᠦᠯᠡᠭᠳᠡᠭᠦᠨ ᠪᠤᠯᠵᠤ ᠢᠯᠡᠷᠡᠵᠡᠢ᠂ ᠲᠡᠭᠦᠨ ᠦ ᠵᠢᠭᠠᠬᠤ ᠶᠢᠨ ᠲᠡᠢ᠌ᠨ ᠢᠯᠭᠠᠯᠲᠤ ᠬᠡᠯᠪᠡᠷᠢᠯ ᠢ ᠯᠡ ᠦᠨᠳᠦᠰᠦᠯᠡᠭᠡᠳ ᠲᠡᠷᠡ ᠬᠤᠶᠠᠷ ᠢ ᠰᠢᠭᠤᠳ ᠳᠤᠰᠤᠭᠳᠠᠬᠤᠨ ᠬᠢᠭᠡᠳ ᠦᠭᠦᠯᠡᠭᠦᠨ ᠦ ᠬᠠᠷᠢᠴᠠᠭᠠᠨ ᠳᠤ ᠪᠠᠢ᠌ᠬᠤ ᠪᠠᠷ ᠲᠠᠢ᠌ᠯᠪᠤᠷᠢᠯᠠᠵᠤ ᠢᠷᠡᠭᠰᠡᠨ ᠦᠩᠭᠡᠷᠡᠭᠰᠡᠨ ᠦ ᠰᠤᠳᠤᠯᠭᠠᠨ ᠤ ᠠᠯᠳᠠᠰᠢ ᠳᠤ ᠵᠤᠬᠢᠬᠤ ᠨᠦᠬᠦᠪᠦᠷᠢ ᠰᠠᠨᠠᠯ ᠳᠤᠷᠠᠳᠴᠠᠢ᠃ |