摘要 |
ᠣᠰᠣ ᠦᠶ ᠡ ᠶᠢᠨ ᠮᠣᠩᠭᠤᠯ ᠬᠡᠯᠡᠨ ᠤ ᠦᠪᠦᠷ ᠮᠣᠨᠭᠤᠯ ᠠᠶᠠᠯᠭᠤᠨ ᠤ ᠲᠤᠳᠤᠷ ᠠ᠂ ᠬᠤᠷᠴᠢᠨ ᠠᠮᠠᠨ ᠠᠶᠠᠯᠭᠤ ᠪᠡᠷ ᠶᠠᠷᠢᠯᠴᠠᠬᠤ ᠬᠦᠮᠦᠰ ᠤᠯᠠᠨ ᠪᠠᠢᠭ᠎ᠠ ᠵᠢ ᠭᠠᠷᠭᠠᠪᠠᠯ᠂ ᠬᠠᠷᠠᠴᠢᠨ ᠲᠦᠮᠡᠳ ᠠᠠᠮᠨ ᠠᠶᠠᠯᠭᠤ ᠪᠡᠷ ᠶᠠᠷᠢᠯᠴᠠᠬᠤ ᠬᠦᠮᠦᠨ ᠤ ᠲᠤᠭ᠎ᠠ ᠬᠠᠮᠤᠭ ᠤᠨ ᠤᠯᠠᠨ ᠪᠠᠢᠳᠠᠭ᠃ ᠬᠠᠷᠠᠴᠢᠨ ᠲᠦᠮᠡᠳ ᠠᠮᠠᠨ ᠠᠶᠠᠯᠭᠤ ᠵᠢ ᠲᠤᠳᠤᠷᠬᠠᠢᠯᠠᠵᠤ ᠰᠣᠳᠤᠯᠬᠤ ᠶᠠᠪᠤᠳᠠᠯ ᠨᠢ ᠂ ᠪᠦᠬᠦᠢᠯᠡ ᠮᠣᠩᠭᠤᠯ ᠬᠡᠯᠡᠨ ᠤ ᠰᠣᠳᠣᠯᠣᠯ᠂ ᠢᠯᠠᠩᠭᠤᠶ ᠠ ᠦᠪᠦᠷ ᠮᠣᠩᠭᠤᠯ ᠠᠶᠠᠯᠭᠤᠨ ᠤ ᠰᠣᠳᠣᠯᠣᠯ ᠳ᠋ᠤ ᠠᠪᠴᠦ ᠦᠵᠡᠪᠡᠯ ᠴᠢᠬᠤᠯᠠ ᠪᠠᠢᠷᠢ ᠰᠠᠭᠤᠷᠢ ᠵᠢ ᠡᠵᠡᠯᠡᠵᠦ ᠪᠠᠢᠳᠠᠭ ᠪᠢᠯᠡ᠃ ᠬᠠᠷᠠᠴᠢᠨ ᠲᠦᠡᠮᠳ ᠠᠮᠠᠨ ᠠᠶᠠᠯᠭᠤ ᠨᠢ ᠠᠪᠢᠶ ᠠ᠂ ᠬᠡᠯᠡ ᠵᠦᠢ ᠪᠠ ᠦᠭᠡᠰ ᠤᠨ ᠰᠠᠩ ᠤᠨ ᠲᠠᠯ ᠠ ᠪᠡᠷ ᠪᠣᠰᠤᠳ ᠠᠶᠠᠯᠭᠤ᠂ ᠠᠮᠠᠨ ᠠᠶᠠᠯᠭᠤ ᠨᠤᠭᠤᠳ ᠡᠴᠡ ᠢᠯᠭᠠᠯᠠᠭᠳᠠᠬᠤ ᠦᠪᠡᠷᠮᠢᠴᠡ ᠣᠨᠴᠠᠯᠢᠭ ᠨᠡᠯᠢᠶᠡᠳ ᠤᠯᠠᠨ ᠪᠠᠢᠳᠠᠭ ᠪᠦᠭᠡᠳ ᠠᠮᠠᠨ ᠠᠶᠠᠯᠭᠤᠨ ᠤ ᠲᠤᠳᠤᠭᠠᠲᠤ ᠳ᠋ᠠᠭᠠᠨ ᠴᠦ ᠭᠡᠳ ᠨᠤᠲᠤᠭ ᠤᠷᠤᠨ ᠤ ᠵᠦᠷᠢᠶ ᠠ ᠲᠠᠢ ᠪᠠᠢᠳᠠᠭ᠃ ᠬᠠᠷᠠᠴᠢᠨ ᠠᠮᠠᠨ ᠠᠶᠠᠯᠭᠤ ᠵᠢ ᠠᠪᠢᠶᠠᠨ ᠤ ᠲᠠᠯ ᠠ ᠡᠴᠡ ᠡᠷᠲᠡᠮᠲᠡᠳ ᠵᠣᠢᠬᠤ ᠬᠡᠮᠵᠢᠶᠡᠨ ᠤ ᠰᠣᠳᠣᠯᠣᠯ ᠬᠢᠵᠦ ᠦᠩᠭᠡᠷᠡᠭᠰᠡᠨ ᠪᠣᠯᠪᠠᠴᠦ ᠬᠦᠮᠦᠰ ᠤᠨ ᠦᠵᠡᠯᠲᠡ ᠲᠠᠨᠢᠯᠲᠠ ᠨᠡᠯᠢᠶᠡᠳ ᠵᠦᠷᠢᠶ ᠠ ᠲᠠᠢ ᠪᠠᠢᠭᠰᠠᠭᠠᠷ᠃ |