题名 |
ᠮᠣᠩᠭᠤᠯᠴᠤᠳ ᠤᠨ ᠬᠤᠨᠢ ᠦᠷᠦᠴᠡᠯᠡᠬᠦ ᠶᠣᠰᠤ ᠬᠢᠭᠡᠳ ᠲᠠᠪᠠᠭᠠᠴᠠ ᠶᠢᠨ ᠣᠩᠭᠤᠨ ᠤ ᠬᠠᠨᠠᠨ ᠵᠢᠷᠤᠭ ᠤᠨ ᠤᠯᠪᠠᠭ᠎ᠠ——ᠲᠠᠰᠢᠷᠠᠮ ᠳ᠋ᠤ《ᠨᠡᠪᠲᠡᠷᠬᠡᠢ ᠲᠤᠯᠢ》 ᠳ᠋ᠤ《 ᠬᠤᠨᠢ ᠬᠤᠭᠤᠯᠠᠢᠯᠠᠬᠤ》ᠵᠤᠷᠪᠤᠰ ᠢ ᠰᠢᠵᠢᠭᠯᠡᠬᠦ ᠨᠢ |
作者 |
ᠲᠡᠭᠦᠰᠪᠠᠶᠠᠷ |
关键词 |
ᠬᠤᠨᠢ ᠦᠷᠦᠴᠡᠯᠡᠬᠦ; ᠲᠠᠪᠠᠭᠠᠴᠠ; ᠬᠠᠨᠠᠨ ᠵᠢᠷᠤᠭ |
摘要 |
ᠲᠤᠰ ᠦᠭᠦᠯᠡᠯ ᠳ᠋ᠤ《ᠬᠤᠨᠢ ᠦᠷᠦᠴᠡᠯᠡᠬᠦ ᠶᠣᠰᠤ》ᠮᠣᠩᠭᠤᠯᠴᠤᠳ ᠤᠨ ᠲᠤᠮᠳᠠ ᠡᠳᠦᠭᠡ ᠪᠣᠯᠳᠠᠯ ᠠ ᠤᠯᠠᠮᠵᠢᠯᠠᠯᠭᠲᠠᠵᠤ ᠢᠷᠡᠭᠰᠡᠨ ᠢ ᠲᠤᠭᠠᠴᠢᠭᠰᠠᠨ ᠪᠦᠭᠡᠳ 13 ᠳ᠋ᠤᠭᠠᠷ ᠵᠠᠭᠤᠨ ᠳ᠋ᠤ ᠦᠭᠡᠳᠡᠢ ᠬᠠᠭᠠᠨ ᠨᠠᠷ ᠬᠣᠨᠢᠨ ᠤ 《ᠬᠤᠭᠤᠯᠠᠢ ᠤᠭᠳᠤᠯᠬᠤ 》ᠵᠢ ᠴᠠᠭᠠᠵᠠᠯᠵᠤ ᠪᠠᠢᠭᠰᠠᠨ ᠲᠣᠬᠠᠢ ᠮᠡᠳᠡᠭᠡ ᠵᠢ ᠬᠠᠢᠨ ᠮᠦᠷᠲᠡᠪᠡ᠃ ᠨᠡᠩ ᠢᠯᠠᠩᠭᠤᠶ ᠠ ᠡᠷᠲᠡᠨ ᠤ ᠮᠣᠨᠭᠤᠯ ᠬᠡᠯᠡᠲᠦ ᠲᠠᠪᠭᠠᠴᠠᠴᠤᠳ ᠤᠨ ᠲᠠᠪᠤᠳᠤᠭᠠᠷ ᠵᠠᠭᠤᠨ ᠤ ᠣᠩᠭᠤᠨ ᠤ ᠬᠠᠨᠠᠨ ᠵᠢᠷᠤᠭ ᠲᠦ ᠬᠤᠨᠢ ᠦᠷᠦᠴᠡᠯᠡᠵᠦ ᠪᠠᠢᠭ᠎ᠠ ᠵᠢᠷᠤᠭ ᠪᠠᠢᠭᠰᠠᠨ ᠢ《ᠲᠠᠬᠢᠨᠲᠠ ᠢᠯᠡᠷᠡᠭᠦᠯᠦᠭᠰᠡᠨ》 ᠪᠦᠭᠡᠳ ᠲᠡᠷᠡ ᠨᠢ ᠮᠣᠩᠭᠤᠯ ᠤᠨ 《ᠬᠤᠨᠢ ᠦᠷᠦᠴᠡᠯᠡᠬᠦ》 ᠶᠣᠰᠤᠨ ᠤ ᠲᠡᠦᠬᠡᠨ ᠤᠯᠪᠠᠭ᠎ᠠ ᠮᠦᠨ ᠪᠠᠢᠭᠰᠠᠨ ᠢ ᠦᠭᠦᠯᠡᠪᠡ᠃ ᠵᠢᠴᠢ ᠴᠢᠨᠠᠭᠰᠢ《ᠬᠤᠨᠢ ᠦᠷᠦᠴᠡᠯᠡᠬᠦ》 ᠶᠢᠨ ᠰᠣᠶᠣᠯ ᠰᠡᠳᠬᠢᠴᠡ ᠶᠢᠨ ᠰᠢᠯᠲᠠᠭᠠᠨ ᠢ ᠦᠭᠦᠯᠡᠭᠡᠳ ᠲᠡᠷᠡ ᠨᠢ ᠶᠠᠫᠤᠨ ᠤ ᠡᠷᠲᠡᠮᠲᠡᠨ ᠢᠷᠢᠮᠦᠲᠦ ᠲᠠᠺᠠᠰᠢ(煎本 孝Irimoto Takashi)ᠲᠤᠷᠠᠳᠤᠭᠰᠠᠨ ᠬᠦᠮᠨ ᠪᠠᠢᠭᠠᠯᠢ ᠶᠢᠨ ᠬᠤᠭᠤᠷᠤᠨᠳᠤᠬᠢ ᠬᠦᠷᠲᠡᠯᠴᠡᠯᠭᠡ(互惠性)ᠮᠦᠨ ᠪᠣᠯᠤᠨ᠎ᠠ ᠭᠡᠵᠦ ᠲᠠᠨᠢᠪᠠ᠃ ᠮᠣᠩᠭᠤᠯᠴᠤᠳ ᠤᠨ《 ᠬᠤᠨᠢ ᠦᠷᠦᠴᠡᠯᠡᠬᠦ ᠶᠣᠰᠤ》ᠨᠠᠭᠠᠲᠤ ᠵᠠᠬ᠎ᠠ ᠵᠢ 1500 ᠵᠢᠺ ᠤᠨ ᠲᠡᠦᠬᠡ ᠲᠠᠢ ᠪᠣᠯᠵᠤ ᠪᠠᠢᠭ ᠠ ᠨᠢ ᠲᠤᠰ ᠦᠭᠦᠯᠡᠯ ᠢᠢᠡᠷ ᠪᠠᠲᠤᠯᠠᠭᠳᠠᠨ᠎ᠠ᠃ ᠲᠠᠰᠢᠷᠠᠮ ᠳ᠋ᠤ 1997ᠣᠨ ᠤ 《ᠮᠣᠩᠭᠤᠯ ᠵᠠᠩ ᠦᠢᠯᠡ ᠶᠢᠨ ᠨᠡᠪᠲᠡᠷᠬᠡᠢ ᠲᠤᠯᠢ》 ᠳ᠋ᠤ ᠲᠡᠮᠳᠡᠭᠯᠡᠭᠰᠡᠨ 《ᠬᠤᠨᠢ ᠬᠤᠭᠤᠯᠠᠢᠯᠠᠵᠤ ᠨᠢᠳᠤᠯᠠᠬᠤ 》ᠵᠡᠷᠭᠡ ᠶᠢᠨ ᠵᠤᠷᠪᠤᠰ ᠤᠳ ᠢ ᠪᠠᠷᠢᠮᠲᠠ ᠦᠭᠡᠢ 《ᠵᠣᠬᠢᠶᠠᠭᠰᠠᠨ》ᠪᠤᠷᠤᠭᠤ ᠵᠦᠢᠯ ᠭᠡᠵᠦ ᠰᠡᠵᠢᠭᠯᠡᠪᠡ᠃ |
原文 |
查看原文
|
出自 |
内蒙古大学学报
2015年
第4期
|