题名 |
ᠶᠠᠫᠤᠨ ᠡᠵᠡᠷᠭᠡᠭ᠌ ᠲᠦᠷᠢᠮᠡᠢᠬᠡᠢ᠌ᠳᠡᠨ ᠡᠴᠡ ᠬᠠᠭᠤᠷᠮᠠᠭ ᠬᠢᠩᠭ᠋ᠠᠨ ᠮᠤᠵᠢ ᠳᠤ ᠬᠡᠷᠡᠭᠵᠢᠭᠦᠯᠦᠭᠰᠡᠨ 《ᠨᠢᠭᠡᠳᠦᠯᠲᠠᠢ ᠵᠠᠬᠢᠷᠬᠤ 》ᠠᠵᠤ ᠠᠬᠤᠢ ᠶᠢᠨ ᠲᠦᠷᠦ ᠶᠢᠨ ᠪᠤᠳᠤᠯᠭ᠎ᠠ ᠶᠢᠨ ᠲᠤᠬᠠᠢ ᠲᠦᠭᠦᠮ ᠵᠠᠳᠠᠯᠤᠯᠲᠠ |
作者 |
ᠴᠢ ᠪᠠᠢ ᠱᠦᠨ |
关键词 |
ᠶᠠᠫᠤᠨ ᠡᠵᠡᠷᠭᠡᠭ᠌ ᠲᠦᠷᠢᠮᠡᠢᠬᠡᠢ᠌ᠳᠡᠨ ; ᠬᠠᠭᠤᠷᠮᠠᠭ ᠬᠢᠩᠭ᠋ᠠᠨ ᠮᠤᠵᠢ ;《ᠨᠢᠭᠡᠳᠦᠯᠲᠠᠢ ᠵᠠᠬᠢᠷᠬᠤ 》ᠠᠵᠤ ᠠᠬᠤᠢ ᠶᠢᠨ ᠲᠦᠷᠦ ᠶᠢᠨ ᠪᠤᠳᠤᠯᠭ᠎ᠠ |
摘要 |
ᠬᠠᠭᠤᠷᠮᠠᠭ ᠬᠢᠩᠭ᠋ᠠᠨ ᠮᠤᠵᠢ ᠳᠤ ᠬᠡᠷᠡᠭᠵᠢᠭᠦᠯᠦᠭᠰᠡᠨ 《ᠨᠢᠭᠡᠳᠦᠯᠲᠠᠢ ᠵᠠᠬᠢᠷᠬᠤ 》ᠠᠵᠤ ᠠᠬᠤᠢ ᠶᠢᠨ ᠲᠦᠷᠦ ᠶᠢᠨ ᠪᠤᠳᠤᠯᠭ᠎ᠠ ᠪᠤᠯ ᠶᠠᠫᠤᠨ ᠡᠵᠡᠷᠭᠡᠭ᠌ ᠲᠦᠷᠢᠮᠡᠢᠬᠡᠢ᠌ᠳᠡᠨ ᠡᠴᠡ ᠶᠠᠫᠤᠨ ᠡᠵᠡᠷᠭᠡᠭ᠌ ᠲᠦᠷᠢᠮᠡᠢᠬᠡᠢ᠌ᠳᠡᠨ ᠡᠴᠡ ᠬᠠᠭᠤᠷᠮᠠᠭ ᠬᠢᠩᠭ᠋ᠠᠨ ᠮᠤᠵᠢ ᠳᠤ ᠬᠡᠷᠡᠭᠵᠢᠭᠦᠯᠦᠭᠰᠡᠨ 《ᠨᠢᠭᠡᠳᠦᠯᠲᠠᠢ ᠵᠠᠬᠢᠷᠬᠤ 》ᠠᠵᠤ ᠠᠬᠤᠢ ᠶᠢᠨ ᠲᠦᠷᠦ ᠶᠢᠨ ᠪᠤᠳᠤᠯᠭ᠎ᠠ ᠶᠢᠨ ᠴᠢᠬᠤᠯᠠ ᠪᠦᠷᠢᠯᠳᠦᠭᠦᠨ ᠬᠡᠰᠡᠭ ᠪᠤᠯᠬᠤ ᠶᠤᠮ᠃《ᠶᠠᠫᠤᠨ ᠮᠠᠨᠵᠦ ᠶᠢᠨ ᠠᠵᠤ ᠠᠬᠤᠢ ᠶᠢᠨ ᠬᠠᠮᠳᠤ ᠶᠢᠨ ᠴᠤᠭᠴᠠ ᠶᠢ ᠪᠠᠢ᠌ᠭᠤᠯᠬᠤ》ᠬᠡᠰᠡᠨ ᠤᠷᠢᠶᠠᠨ ᠲᠤᠤᠷ ᠠ ᠬᠡᠷᠡᠭᠵᠢᠭᠦᠯᠦᠭᠰᠡᠨ ᠠᠨᠡ ᠬᠦ ᠲᠦᠷᠦ ᠶᠢᠨ ᠪᠤᠳᠤᠯᠭ᠎ᠠ ᠪᠤᠯ ᠬᠡᠷᠡᠭ ᠳᠡᠭᠡᠷ ᠡ ᠪᠡᠨ ᠬᠠᠭᠤᠷᠮᠠᠭ ᠬᠢᠩᠭ᠋ᠠᠨ ᠮᠤᠵᠢ ᠶᠢᠨ ᠪᠠᠭᠳᠠᠭᠠᠭᠰᠠᠨ ᠳᠤᠮᠳᠠᠳᠤ ᠡᠤᠯᠤᠰ ᠤᠨ ᠵᠡᠭᠦᠨ ᠬᠤᠢ᠌ᠳᠤ ᠤᠷᠤᠨ ᠢ 《ᠶᠠᠫᠤᠨ ᠤᠯᠤᠰ ᠤᠨ ᠠᠮᠢ ᠨᠠᠰᠤᠨ ᠦ ᠬᠠᠩᠭᠠᠯᠭ᠎ᠠ ᠶᠢᠨ ᠱᠤᠭᠤᠮ》ᠪᠤᠯᠭᠠᠬᠤ ᠬᠡᠰᠡᠨ ᠺᠤᠯᠤᠨᠤᠴᠢᠯᠠᠯ ᠤᠨ ᠠᠵᠤ ᠠᠬᠤᠢ ᠶᠢᠨ ᠲᠦᠷᠦ ᠶᠢᠨ ᠪᠤᠳᠤᠯᠭ᠎ᠠ ᠪᠤᠯᠬᠤ ᠪᠦᠭᠡᠳ ᠳᠡᠭᠦᠨ ᠦ ᠥᠪᠥᠷ ᠮᠣᠩᠭᠣᠯ ᠤᠨ ᠵᠡᠭᠦᠨ ᠬᠡᠰᠡᠭ ᠭᠠᠵᠠᠷ ᠤᠷᠤᠨ ᠳᠤ ᠶᠠᠪᠤᠭᠤᠯᠤᠭᠰᠠᠨ ᠠᠵᠤ ᠠᠬᠤᠢ ᠶᠢᠨ ᠲᠦᠷᠢᠮᠡᠬᠡᠢ᠌ᠯᠡᠯ ᠰᠢᠨ᠎ᠡ ᠱᠠᠳᠤᠨ ᠳᠤ ᠬᠦᠷᠦᠭᠰᠡᠨ ᠢ ᠬᠠᠷᠠᠭᠤᠯᠵᠤ ᠪᠠᠢ᠌ᠨ᠎ᠠ᠃ ᠳᠤᠰ ᠲᠦᠷᠦ ᠶᠢᠨ ᠪᠤᠳᠤᠯᠭ᠎ᠠ ᠶᠢ ᠬᠡᠷᠡᠭᠵᠢᠭᠦᠯᠦᠭᠰᠡᠨ ᠦ ᠦᠷ ᠠ ᠳ᠋ᠦᠩ ᠳᠤ᠂ ᠥᠪᠥᠷ ᠮᠣᠩᠭᠣᠯ ᠤᠨ ᠵᠡᠭᠦᠨ ᠬᠡᠰᠡᠭ ᠤᠷᠤᠨ ᠦ ᠠᠵᠤ ᠠᠬᠤᠢ ᠶᠢᠨ ᠠᠮᠢᠨ ᠰᠤᠳᠠᠰᠤ ᠶᠠᠫᠤᠨ ᠡᠵᠡᠷᠭᠡᠭ᠌ ᠲᠦᠷᠢᠮᠡᠢᠬᠡᠢ᠌ᠳᠡᠨ ᠦ ᠭᠠᠷ ᠲᠤ ᠤᠷᠤᠵᠤ᠂ ᠳᠤᠰ ᠤᠷᠤᠨ ᠦ ᠠᠵᠤ ᠠᠬᠤᠢ ᠶᠢᠨ ᠬᠦᠭ᠍ᠵᠢᠯᠳᠠ ᠪᠠ ᠡᠯ᠎ᠠ ᠦᠨᠳᠦᠰᠦᠳᠡᠨ ᠦ ᠠᠷᠠᠳ ᠲᠦᠮᠡᠨ ᠦ ᠠᠵᠤ ᠠᠮᠢᠳᠤᠷᠠᠯ ᠳᠤ ᠠᠯᠢ ᠤᠯᠠᠨ ᠮᠠᠭᠤ ᠦᠷ ᠠ ᠳ᠋ᠦᠩ ᠢ ᠪᠤᠢ ᠪᠤᠯᠭᠠᠵᠠᠢ᠃ |
原文 |
查看原文
|
出自 |
内蒙古大学学报
2003年
第3期
|