摘要 |
ᠳᠤᠰ ᠦᠭᠦᠯᠡᠯ ᠳᠤ ᠂ ᠮᠣᠩᠭᠣᠯ ᠦᠨᠳᠦᠰᠦᠳᠡᠨ ᠦ ᠪᠠᠷ ᠬᠡᠪᠯᠡᠯ ᠤᠨ ᠳᠡᠦᠬᠡ ᠶᠢ ᠶᠡᠷᠦᠩᠭᠡᠢ ᠳ᠋ᠤᠨᠢ ᠬᠦᠪᠦᠷᠡᠯ ᠰᠤᠶᠤᠭᠠᠯᠠᠯ ᠤᠨ ᠱᠠᠳᠤ᠂ ᠦᠰᠦᠯ ᠪᠤᠢ᠌ᠵᠢᠯ ᠤᠨ ᠱᠠᠳᠤ᠂ ᠬᠦᠭ᠍ᠵᠢᠯ ᠪᠠᠳᠠᠷᠠᠯ ᠤᠨ ᠱᠠᠳᠤ ᠪᠠᠷ ᠨᠠᠷᠢᠪᠴᠢᠯᠠᠨ ᠰᠢᠨᠵᠢᠯᠡᠵᠡᠢ᠃ ᠮᠣᠩᠭᠣᠯ ᠪᠠᠷ ᠬᠡᠪᠯᠡᠯ ᠥᠪᠡᠷ ᠤᠨ ᠦᠨᠢᠷ ᠪᠠᠶᠠᠯᠢᠭ ᠰᠤᠶᠤᠯ ᠤᠨ ᠦᠩ ᠰᠢᠮᠡᠯᠢᠭ ᠬᠦᠷᠦᠰᠦᠨ ᠳᠤ ᠡᠭᠦᠰᠦᠨ ᠪᠤᠢ ᠪᠤᠯᠵᠦ᠂ ᠤᠷᠳᠤ ᠤᠳᠠᠭᠠᠨ ᠳᠡᠦᠬᠡ ᠶᠢᠨ ᠤᠷᠤᠰᠬᠠᠯ ᠶᠠᠪᠤᠴᠠ ᠳᠤ᠂ ᠠᠳᠠᠯᠢ ᠪᠤᠰᠤ ᠨᠡᠢ᠌ᠭᠡᠮ ᠲᠦᠷᠦ ᠶᠢᠨ ᠦᠭᠡᠷᠡᠴᠢᠯᠡᠯ ᠮᠠᠨᠳᠤᠯ᠂ ᠪᠠᠭᠤᠷᠠᠯ ᠲᠤᠷᠦᠢᠳᠡᠯ ᠢ ᠳᠠᠭᠠᠯᠳᠤᠨ ᠦᠭᠡᠳᠡ ᠲᠠᠢ ᠤᠷᠤᠭᠤ ᠲᠠᠢ ᠡᠩᠬᠦᠯ ᠲᠤᠩᠬᠤᠯ ᠵᠠᠮ ᠢ ᠲᠤᠭᠤᠯᠵᠤ᠂ ᠬᠠᠳᠠᠨ ᠪᠢᠴᠢᠭ᠌᠂ ᠤᠢ᠌ᠰᠤᠨ ᠪᠢᠴᠢᠭ᠌᠂ ᠭᠠᠷ ᠪᠢᠴᠢᠮᠡᠯ᠂ ᠮᠤᠳᠤᠨ ᠪᠠᠷ ᠤᠨ ᠰᠡᠢ᠌ᠯᠤᠮᠡᠯ᠂ᠵᠠᠰ ᠪᠠᠷ᠂ ᠬᠦᠷᠡᠯ ᠪᠠᠷ᠂ ᠴᠢᠯᠠᠭᠤᠨ ᠪᠠᠷ᠂ ᠦᠷᠤᠮᠠᠯ ᠦᠰᠦᠭ ᠤᠨ ᠬᠤᠷᠭᠤᠯᠵᠢᠨ ᠪᠠᠷ ᠤᠨ ᠰᠠᠭᠤᠷᠢᠨ ᠳᠡᠭᠡᠡᠷ ᠡ ᠮᠣᠩᠭᠣᠯ ᠪᠠᠷ ᠤᠨᠰᠠᠭᠤᠷᠢᠨ ᠳᠡᠭᠡᠷ ᠡ ᠮᠣᠩᠭᠣᠯ ᠡᠯᠸᠺᠲ᠋ᠷᠤᠨ ᠪᠠᠷ ᠤᠨ ᠬᠡᠪᠯᠡᠯ ᠳᠤ ᠰᠢᠯᠵᠢᠨ ᠤᠷᠤᠵᠤ᠂ ᠪᠡᠶ ᠠ ᠳᠠᠭᠠᠭᠠᠭᠰᠠᠨ ᠪᠠᠷ ᠬᠡᠪᠯᠡᠯ ᠤᠨ ᠰᠢᠨᠵᠢᠯᠡᠬᠦ ᠤᠬᠠᠭᠠᠨ ᠦ ᠦᠢᠯᠡᠰ ᠪᠤᠯᠤᠨ ᠬᠦᠭ᠍ᠵᠢᠭᠰᠡᠨ ᠦᠩᠭᠡᠷᠡᠯᠳᠡ ᠶᠢ ᠪᠤᠲᠠᠳᠠᠢ ᠭᠡᠷᠡᠴᠢ ᠪᠠᠷᠢᠮᠳᠡ ᠪᠡᠷ ᠨᠤᠳᠠᠯᠠᠭᠰᠠᠨ ᠪᠠᠢ᠌ᠨ᠎ᠠ᠃ |