题名 |
ᠪᠤᠰᠤᠳ ᠲᠤ ᠠᠰᠢᠭᠲᠠᠢ ᠭᠡᠷ ᠡ ᠶᠢᠨ ᠲᠤᠬᠠᠢ ᠲᠦᠭᠦᠮ ᠦᠭᠦᠯᠡᠬᠦ ᠨᠢ |
作者 |
ᠰᠤᠷᠤᠨ᠎ᠠ |
关键词 |
ᠪᠤᠰᠤᠳ ᠲᠤ ᠠᠰᠢᠭᠲᠠᠢ ᠭᠡᠷ ᠡ ᠄ ᠭᠤᠷᠪᠠᠳᠤᠭᠠᠷ ᠬᠦᠮᠦᠨ ; ᠬᠡᠷ ᠡ ᠶᠢᠨ ᠬᠠᠷᠢᠴᠠᠩᠭ᠋ᠤᠢ ᠴᠢᠨᠠᠷ |
摘要 |
ᠵᠠᠬ᠎ᠠ ᠳᠡᠯᠭᠡᠷᠭᠦᠷ ᠤᠨ ᠠᠵᠤ ᠠᠬᠤᠢ ᠶᠢᠨ ᠪᠠᠢ᠌ᠭᠤᠯᠤᠮᠵᠢ ᠶᠢᠨ ᠪᠠᠢ᠌ᠭᠤᠯᠤᠭᠳᠠᠵᠤ ᠳᠡᠭᠦᠯᠳᠡᠷᠵᠢᠬᠦ ᠶᠢ ᠳᠠᠭᠠᠯᠳᠤᠨ᠂ ᠨᠡᠢ᠌ᠭᠡᠮ ᠤᠨ ᠠᠮᠢᠳᠤᠷᠠᠯ ᠡᠳᠦᠷ ᠢᠷᠡᠬᠦᠶ ᠡ ᠨᠠᠷᠢᠨ ᠪᠤᠳᠤᠯᠢᠶᠠᠨᠲᠠᠢ ᠪᠤᠯᠵᠤ᠂ ᠰᠤᠯᠢᠯᠴᠠᠭ᠎ᠠ ᠤᠯᠠᠮ ᠡᠴᠡ ᠤᠯᠠᠰᠢᠷᠠᠭᠰᠠᠨ ᠡᠴᠡ ᠭᠡᠷ ᠡ ᠶᠢᠨ ᠬᠠᠷᠢᠴᠠᠩᠭ᠋ᠤᠢ ᠴᠢᠨᠠᠷ ᠨᠢᠭᠡᠨᠳᠡ ᠬᠤᠶᠠᠷ ᠲᠠᠯ ᠠ ᠶᠢᠨ ᠲᠤᠬᠠᠢ ᠶᠢᠨ ᠬᠦᠮᠦᠨ ᠦ ᠠᠰᠢᠭ ᠲᠤᠰᠠ ᠶᠢᠨ ᠬᠡᠷᠡᠭᠴᠡᠭᠡ ᠶᠢ ᠵᠤᠬᠢᠰᠲᠠᠢ ᠪᠡᠷ ᠳᠡᠩᠴᠡᠭᠦᠯᠵᠦ ᠳᠠᠢ᠌ᠯᠬᠦ ᠦᠬᠡᠢ ᠪᠤᠯᠵᠤ᠂ ᠬᠠᠷᠢᠴᠠᠩᠭ᠋ᠤᠢ ᠴᠢᠨᠠᠷ ᠤᠨ ᠵᠠᠷᠴᠢᠮ ᠤᠨ ᠤᠨᠴᠠᠭᠠᠢ ᠪᠠᠢ᠌ᠳᠠᠯ ᠢᠯᠡᠷᠡᠭᠰᠡᠨ ᠪᠠᠢ᠌ᠨ᠎ᠠ᠃ ᠪᠤᠰᠤᠳ ᠲᠤ ᠠᠰᠢᠭᠲᠠᠢ ᠭᠡᠷ ᠡ ᠬᠡᠳᠡᠭ ᠨᠢ ᠬᠡᠷ ᠡ ᠶᠢᠨ ᠬᠠᠷᠢᠴᠠᠩᠭ᠋ᠤᠢ ᠴᠢᠨᠠᠷ ᠢ ᠡᠪᠳᠡᠭᠰᠡᠨ ᠨᠢᠭᠡᠨ ᠵᠢᠱᠢᠶ ᠠ ᠪᠤᠯᠤᠨ᠎ᠠ᠃ ᠮᠠᠨ ᠦ ᠤᠯᠤᠰ ᠤᠨ ᠬᠠᠤᠯᠢ ᠶᠠᠷᠦᠩᠬᠡᠢ ᠳᠡᠭᠡᠨ ᠪᠤᠰᠤᠳ ᠲᠤ ᠠᠰᠢᠭᠲᠠᠢ ᠬᠡᠷ ᠡ ᠶᠢ ᠮᠡᠳᠡᠷᠡᠭᠰᠡᠨ ᠦᠬᠡᠢ᠂ ᠵᠦᠪᠭᠡᠨ ᠵᠠᠷᠢᠨ ᠲᠤᠰᠬᠠᠢ ᠬᠠᠤᠯᠢ ᠳᠤ ᠤᠨᠴᠠᠭᠠᠢ ᠲᠦᠷᠦᠯ ᠤᠨ ᠪᠤᠰᠤᠳ ᠲᠤ ᠠᠰᠢᠭᠲᠠᠢ ᠬᠡᠷ ᠡ ᠮᠡᠳᠡᠷᠡᠪᠡ᠃ ᠡᠢ᠌ᠮᠦ ᠡᠴᠡ ᠭᠤᠷᠪᠠᠳᠤᠭᠠᠷ ᠬᠦᠮᠦᠨ ᠦ ᠬᠠᠤᠯᠢ ᠶᠤᠰᠤᠨ ᠦ ᠡᠷᠭᠡ ᠢ ᠮᠡᠳᠡᠷᠡᠬᠦ ᠶᠢᠨ ᠬᠠᠮᠳᠦ ᠬᠠᠮᠠᠭᠠᠯᠠᠬᠤ ᠨᠢ ᠨᠢᠭᠡᠨᠳᠡ ᠬᠡᠷ ᠡ ᠶᠢᠨ ᠬᠠᠷᠢᠴᠠᠩᠭᠤᠢ ᠴᠢᠨᠠᠷ ᠶᠢ ᠤᠳᠤᠬᠢᠴᠢᠯᠡᠯᠳᠡ ᠶᠢᠨ ᠭᠦᠭᠵᠢᠯᠳᠡ ᠶᠢᠨ ᠬᠠᠨᠳᠤᠰᠢ ᠪᠤᠯᠵᠠᠢ᠃ ᠮᠠᠨ ᠦ ᠤᠯᠤᠰ ᠪᠤᠰᠤᠳ ᠲᠤ ᠠᠰᠢᠭᠲᠠᠢ ᠭᠡᠷ ᠡ ᠶᠢ ᠨᠢᠭᠡᠨ ᠪᠡᠶ ᠡ ᠪᠡᠨ ᠳᠠᠭᠠᠭᠠᠭᠰᠠᠨ ᠬᠡᠷ ᠡ ᠶᠢᠨ ᠬᠡᠯᠪᠡᠷᠢ ᠪᠤᠯᠭᠠᠨ ᠬᠡᠷ ᠡ ᠶᠢᠨ ᠬᠠᠤᠯᠢ ᠳᠤ ᠨᠤᠳᠠᠯᠠᠨ ᠤᠷᠤᠭᠤᠯᠪᠠᠯ ᠵᠤᠬᠢᠨ᠎ᠠ᠃ |
原文 |
查看原文
|
出自 |
内蒙古大学学报
2008年
第3期
|