题名 |
ᠹᠷᠠᠨᠼᠢ ᠲᠡᠭᠡᠳᠦ ᠰᠤᠷᠭᠠᠭᠤᠯᠢ ᠶᠢᠨ ᠨᠤᠮ ᠤᠨ ᠰᠠᠩ ᠳᠤ ᠬᠠᠳᠠᠭᠠᠯᠠᠭᠳᠠᠵᠤ ᠪᠠᠢᠭ᠎ᠠ ᠮᠤᠩᠭ᠋ᠤᠯ ᠰᠤᠳᠤᠷ ᠤᠨ ᠲᠤᠬᠠᠢ |
作者 |
ᠰᠤᠨᠵᠠ |
关键词 |
ᠨᠤᠮ ᠤᠨ ᠰᠠᠩ; ᠹᠷᠠᠨᠼᠢ ᠲᠡᠭᠡᠳᠦ ᠰᠤᠷᠭᠠᠭᠤᠯᠢ; ᠮᠤᠩᠭ᠋ᠤᠯ ᠰᠤᠷᠪᠤᠯᠵᠢ ᠪᠢᠴᠢᠭ᠌ |
摘要 |
ᠮᠤᠩᠭ᠋ᠤᠯ ᠭᠠᠨᠵᠤᠤᠷ ᠢ ᠰᠤᠳᠤᠯᠤᠭᠰᠠᠨ ᠡᠷᠳᠡᠮᠳᠡᠳ ᠹᠷᠠᠨᠼᠢ ᠶᠢᠨ ᠦᠨᠳᠦᠰᠦᠳᠡᠨ ᠤ ᠨᠤᠮ ᠤᠨ ᠰᠠᠩ ᠳᠤ ᠨᠢᠭᠡ ᠪᠤᠳᠢ ᠲᠠᠷᠤᠮᠠᠯ ᠭᠠᠨᠵᠤᠤᠷ ᠪᠠᠢ᠌ᠳᠠᠭ ᠢ ᠪᠦᠷ ᠮᠡᠳᠡᠨ᠎ᠡ᠃ ᠭᠡᠬᠦ ᠳ᠋ᠡᠭᠡᠨ ᠹᠷᠠᠨᠼᠢ ᠶᠢᠨ ᠫᠡᠷᠢᠰ ᠬᠤᠳᠠ ᠳᠤ ᠪᠠᠢ᠌ᠭ᠎ᠠ ᠹᠷᠠᠨᠼᠢ ᠲᠡᠭᠡᠳᠦ ᠰᠤᠷᠭᠠᠭᠤᠯᠢ ᠶᠢᠨ ᠬᠢᠳᠠᠳ ᠰᠤᠳᠤᠯᠤᠯ ᠤᠨ ᠬᠦᠷᠢᠶᠡᠯᠡᠩ ᠳᠤ ᠬᠠᠳᠠᠭᠠᠯᠠᠭᠳᠠᠵᠤ ᠪᠠᠢ᠌ᠭ᠎ᠠ ᠪᠢᠴᠢᠮᠡᠯ ᠭᠠᠨᠵᠤᠤᠷ ᠤᠨ ᠲᠤᠬᠠᠢ ᠮᠡᠳᠡᠭᠡ ᠬᠠᠷᠠᠬᠠᠨ ᠬᠠᠷᠠᠭᠳᠠᠭ᠎ᠠ ᠦᠭᠡᠢ ᠪᠠᠢ᠌ᠨ᠎ᠠ᠃ ᠹᠷᠠᠨᠼᠢ ᠲᠡᠭᠡᠳᠦ ᠰᠤᠷᠭᠠᠭᠤᠯᠢ ᠶᠢᠨ ᠬᠢᠳᠠᠳ ᠰᠤᠳᠤᠯᠤᠯ ᠤᠨ ᠬᠦᠷᠢᠶᠡᠯᠡᠩ ᠳᠤ ᠮᠠᠰᠢ ᠤᠯᠠᠨ ᠬᠢᠳᠠᠳ ᠰᠤᠷᠪᠤᠯᠵᠢ ᠪᠢᠴᠢᠭ᠌ ᠤᠳ ᠬᠠᠳᠠᠭᠠᠯᠠᠭᠳᠠᠳᠠᠭ᠃ ᠲᠤᠰ ᠬᠢᠳᠠᠳ ᠰᠤᠳᠤᠯᠤᠯ ᠤᠨ ᠬᠦᠷᠢᠶᠡᠯᠡᠩ ᠤᠨ ᠨᠤᠮ ᠤᠨ ᠰᠠᠩ ᠳᠤ ᠨᠤᠮ ᠰᠤᠳᠤᠷ ᠤᠨ ᠭᠠᠷᠴᠠᠭ ᠤᠨ ᠵᠢᠭ᠌ᠰᠠᠭᠠᠯᠳᠠ ᠳᠤ ᠤᠷᠤᠭᠰᠠᠨ ᠦᠭᠡᠢ ᠮᠦᠷᠳᠡᠭᠡᠨ ᠲᠤᠰ ᠬᠦᠷᠢᠶᠡᠯᠡᠩ ᠤᠨ ᠡᠷᠳᠡᠮᠳᠡᠳ ᠤᠨ ᠲᠤᠭᠤᠰᠢᠳᠠᠢ ᠰᠤᠳᠤᠯᠭᠠᠨ ᠳᠤ ᠤᠷᠤᠭ᠎ᠠ ᠦᠭᠡᠢ ᠪᠠᠢ᠌ᠭ᠎ᠠ ᠮᠤᠩᠭ᠋ᠤᠯ ᠭᠠᠨᠵᠤᠤᠷ ᠤᠨ ᠨᠢᠭᠡ ᠪᠤᠳᠢ ᠪᠤᠯᠤᠨ ᠮᠤᠩᠭ᠋ᠤᠯ ᠴᠢᠯᠠᠭᠤᠨ ᠬᠦᠰᠢᠶᠡᠨ ᠤ ᠲᠠᠷᠤᠮᠠᠭ ᠪᠢᠴᠢᠭ᠌ ᠬᠠᠳᠠᠭᠠᠯᠠᠭᠳᠠᠵᠤ ᠪᠤᠢ᠃ ᠲᠤᠰ ᠦᠭᠦᠯᠡᠯ ᠳᠤ ᠭᠤᠤᠯᠳᠠᠭᠤ ᠡᠨᠡ ᠬᠦ ᠨᠤᠮ ᠤᠨ ᠰᠠᠩ ᠳᠤ ᠬᠠᠳᠠᠭᠠᠯᠠᠭᠳᠠᠵᠤ ᠪᠠᠢ᠌ᠭ᠎ᠠ ᠮᠤᠩᠭ᠋ᠤᠯ ᠰᠤᠷᠪᠤᠯᠵᠢ ᠪᠢᠴᠢᠭ᠌ ᠲᠤ ᠠᠵᠢᠭᠯᠠᠯᠳᠠ ᠬᠢᠵᠦ ᠤᠯᠠᠨ ᠳᠤ ᠮᠡᠳᠡᠭᠡ ᠵᠠᠩᠬᠢ ᠲᠠᠮᠵᠢᠭᠤᠯᠬᠤ ᠶᠢ ᠵᠤᠷᠢᠪᠠ᠃ |
原文 |
查看原文
|
出自 |
中国蒙古学
2016年
第1期
|