摘要 |
ᠡᠷᠲᠡᠨ ᠤ ᠦᠶ ᠠ ᠶᠢᠨ ᠨᠣᠮ ᠪᠢᠴᠢᠭ ᠤᠨ ᠲᠠᠷᠤᠮᠠᠯ ᠬᠡᠪᠯᠡᠯ13 ᠳ᠋ᠤᠭᠠᠷ- ᠵᠠᠭᠤᠨ ᠤ ᠮᠣᠩᠭᠤᠯ ᠬᠠᠭᠠᠨᠲᠤ ᠤᠯᠤᠰ ᠤᠨ ᠦᠶ ᠡ ᠡᠴᠡ ᠡᠬᠢᠯᠡᠵᠦ᠂ 14 ᠳ᠋ᠤᠭᠡᠷ ᠵᠠᠭᠤᠨ ᠤ ᠶᠤᠸᠠᠨ ᠤᠯᠤᠰ ᠤᠨ ᠡᠬᠢᠨ ᠦᠶ ᠠ ᠪᠡᠷ ᠠᠩᠬᠠᠯᠠᠨ ᠨᠠᠪᠴᠢᠵᠤ᠂15-16ᠳ᠋ᠤᠭᠠᠷ ᠵᠠᠭᠤᠨ ᠤ ᠮᠢᠩ ᠤᠯᠤᠰ ᠬᠢᠭᠡᠳ ᠤᠮᠠᠷᠠᠲᠤ ᠶᠤᠸᠠᠨ ᠤᠯᠤᠰ ᠤᠨ ᠦᠶ ᠠ ᠳ᠋ᠤ ᠪᠠᠭᠤᠷᠠᠨ ᠲᠤᠷᠤᠢᠳᠠᠵᠤ᠂17-18 ᠳ᠋ᠤᠭᠠᠷ ᠵᠠᠭᠤᠨ ᠤ ᠴᠢᠩ ᠤᠯᠤᠰ ᠤᠨ ᠦᠶ ᠠ ᠳ᠋ᠤ ᠡᠷᠬᠢᠭᠡᠳ ᠦᠷᠨᠢᠨ ᠪᠠᠳᠠᠷᠠᠭᠰᠠᠨ ᠪᠠᠢᠨ᠎ᠠ᠃ ᠡᠬᠦᠨ ᠳ᠋ᠤ ᠰᠦᠮ ᠠ ᠭᠡᠢᠢᠳ ᠤᠨ ᠲᠠᠷᠤᠮᠠᠯ ᠬᠡᠪᠯᠡᠯ ᠨᠢ ᠠᠯᠪᠠᠨ ᠤ ᠭᠠᠵᠠᠷ ᠤᠨ ᠲᠠᠷᠤᠮᠠᠯ ᠬᠡᠪᠯᠡᠯ ᠬᠢᠭᠡᠳ ᠬᠤᠪᠢ ᠬᠦᠮᠦᠨ ᠤ ᠦᠢᠯᠡᠳᠭᠡᠯ ᠤᠨ ᠭᠠᠵᠠᠷ ᠯᠤᠭ᠎ᠠ ᠬᠠᠮᠳᠤ ᠪᠡᠷ ᠦᠩᠭᠡᠷᠡᠭᠴᠢ ᠦᠶ ᠠ ᠶᠢᠨ ᠮᠣᠩᠭᠤᠯ ᠡᠷᠲᠡᠨ ᠤ ᠨᠣᠮ ᠪᠢᠴᠢᠭ ᠤᠨ ᠬᠡᠪᠯᠡᠯ ᠤᠨ ᠦᠢᠯᠡᠰ ᠢ ᠬᠦᠯᠢᠰᠯᠡᠨ ᠲᠤᠯᠭᠠᠭᠤᠷᠢᠯᠠᠵᠠᠢ᠃ |