摘要 |
ᠵᠤᠬᠢᠶᠠᠭᠴᠢ᠂ ᠲᠤᠰ ᠦᠭᠦᠯᠡᠯ ᠳᠡᠭᠡᠨ 《ᠮᠣᠩᠭ᠋ᠤᠯ ᠤᠨ ᠨᠢᠭᠤᠴᠠ ᠲᠤᠪᠴᠢᠶᠠᠨ》᠋ ᠤ ᠭᠠᠯᠢᠭᠯᠠᠯ ᠳᠤ 牙剌哇赤 ᠭᠡᠵᠦ ᠲᠡᠮᠳᠡᠭᠯᠡᠭᠳᠡᠭᠰᠡᠨ ᠰᠠᠷᠳᠠᠭᠤᠯ ᠬᠦᠮᠦᠨ ᠦ ᠨᠡᠷ᠎ᠡ ᠶᠢ 《ᠠᠯᠲᠠᠨ ᠲᠤᠪᠴᠢ》᠋ ᠳᠤ 《ᠵᠠᠯᠠᠮᠴᠠ》《ᠵᠠᠬᠤᠨ ᠠᠴᠠ》《ᠵᠠᠯᠢᠴᠠ》 ᠭᠡᠵᠦ ᠭᠤᠷᠪᠠᠨ ᠶᠠᠩᠵᠤ ᠪᠠᠷ ᠪᠢᠴᠢᠵᠦ ᠪᠠᠢ᠌ᠨ᠎ᠠ᠃ ᠡᠨᠳᠡᠭᠦᠷᠡᠯ ᠦᠨ ᠤᠭ ᠰᠤᠷᠪᠤᠯᠵᠢ ᠨᠢ ᠯᠤᠪᠰᠠᠩᠳᠠᠨᠵᠢᠨ ᠤ ᠡᠰᠢᠯᠡᠨ ᠬᠠᠭᠤᠯᠤᠭᠰᠠᠨ 《ᠲᠤᠪᠴᠢᠶᠠᠨ》᠋ ᠤ ᠨᠢᠭᠡᠨ ᠡᠬᠡ ᠳᠡᠬᠢ ᠣᠢ᠌ᠭᠤᠷᠵᠢᠨ ᠮᠣᠩᠭ᠋ᠤᠯ ᠦᠰᠦᠭ ᠦᠨ ᠪᠢᠴᠢᠯᠭᠡ ᠶᠢᠨ ᠳᠦᠷᠰᠦ ᠯᠦᠭᠡ ᠬᠤᠯᠪᠤᠭᠠᠲᠠᠢ᠃ ᠤᠭ ᠡᠬᠡ ᠳᠡᠬᠢ ᠪᠢᠴᠢᠯᠭᠡ ᠨᠢ ᠪᠦᠷ yalawaca ᠭᠡᠬᠦ ᠳᠠᠭᠤᠳᠠᠯᠭ᠎ᠠ ᠶᠢ ᠲᠡᠮᠳᠡᠭᠯᠡᠭᠰᠡᠨ ᠣᠢ᠌ᠭᠤᠷᠵᠢᠨ ᠮᠣᠩᠭ᠋ᠤᠯ ᠦᠰᠦᠭ ᠦᠨ ᠳᠦᠷᠰᠦ ᠪᠠᠢ᠌ᠭᠰᠠᠨ ᠨᠢ ᠯᠠᠪᠲᠠᠢ᠃ 《ᠵᠠᠯᠢᠴᠠ》 ᠪᠤᠯ YAL(a)V(a)CA ᠭᠡᠰᠡᠨ ᠳᠦᠷᠰᠦ᠃ ᠣᠢ᠌ᠭᠤᠷᠵᠢᠨ ᠮᠣᠩᠭ᠋ᠤᠯ ᠦᠰᠦᠭ ᠲᠦ ᠡᠭᠡᠰᠢᠭ᠌ ᠢ ᠭᠡᠭᠡᠵᠦ ᠲᠡᠮᠳᠡᠭᠯᠡᠵᠦ ᠪᠤᠯᠳᠠᠭ ᠪᠠᠢ᠌ᠭᠰᠠᠨ ᠪᠠ j᠂ y᠂ w ᠠᠪᠢᠶ᠎ᠠ ᠶᠢ ᠲᠡᠮᠳᠡᠭᠯᠡᠳᠡᠭ ᠳᠦᠷᠰᠦ ᠨᠢ ᠢᠵᠢᠯ ᠪᠠᠢ᠌ᠳᠠᠭ ᠲᠠᠢ ᠬᠤᠯᠪᠤᠭᠠᠲᠠᠢ᠃ 《ᠵᠠᠬᠤᠨ ᠠᠴᠠ》 ᠪᠤᠯ 《ᠵᠠᠯᠠᠳ᠋ ᠴᠠ》᠋ ᠶᠢᠨ ᠲᠠᠰᠢᠶ᠎ᠠ ᠲᠠᠢ ᠬᠠᠭᠤᠯᠤᠯ᠃ 《 ᠋ᠯ》᠋ ᠶᠢᠨ ᠡᠪᠡᠷ ᠵᠢᠷᠤᠯᠭ᠎ᠠ ᠶᠢ ᠣᠷᠭᠢᠭᠳᠠᠭᠤᠯᠵᠤ᠂ ᠰᠠᠯᠤᠩᠭᠢᠳᠠ ᠪᠢᠴᠢᠭᠰᠡᠨ 《᠋ ᠴᠠ》᠋ ᠶᠢ ᠨᠢ ᠳᠠᠢ᠌ᠨ ᠢᠯᠭᠠᠯ ᠤᠨ 《 ᠠᠴᠠ》 ᠳᠠᠭᠠᠪᠤᠷᠢ ᠪᠤᠯᠭᠠᠨ ᠪᠤᠷᠤᠭᠤ ᠵᠠᠰᠠᠵᠠᠢ᠃ 《 ᠋ᠤᠨ》 ᠪᠤᠯ 《᠋ ᠤᠠ》᠋ ᠶᠢᠨ ᠨᠡᠢ᠌ᠯᠡᠭ ᠳᠦᠷᠰᠦ᠃ ᠡᠨᠡ ᠪᠠᠰᠠᠴᠤ YALAWACA ᠪᠤᠯᠤᠨ᠎ᠠ᠃ 《ᠵᠠᠯᠠᠮᠴᠠ》 ᠪᠤᠯ 《ᠵᠠᠯᠢᠨ / ᠵᠠᠯᠤᠨ》᠋ ᠳᠤ 《᠋ ᠴᠠ》᠋ ᠶᠢ ᠰᠢᠭᠤᠳ ᠵᠠᠯᠭᠠᠬᠤ ᠳᠤ ᠠᠭᠤᠯᠵᠠᠷ ᠲᠤᠨᠢ 《卜》 ᠳᠦᠷᠰᠦ ᠭᠠᠷᠤᠭᠰᠠᠨ ᠢ ᠨᠢ 《᠋ᠮ》(m) ᠭᠡᠵᠦ ᠡᠨᠳᠡᠭᠦᠷᠡᠭᠰᠡᠨ ᠡᠴᠡ ᠪᠤᠯᠤᠭᠰᠠᠨ ᠲᠠᠰᠢᠶ᠎ᠠ ᠲᠠᠢ ᠵᠤᠢ᠌ᠯ ᠪᠤᠯᠬᠤ ᠶᠤᠮ ᠭᠡᠳᠡᠭ ᠰᠠᠨᠠᠯ ᠢ ᠳᠡᠪᠰᠢᠭᠦᠯᠵᠡᠢ᠃ |