论文信息


题名 《ᠳᠦᠷᠪᠡᠨ ᠣᠢᠷᠠᠳ ᠤᠨ ᠡᠪᠳᠡᠷᠡᠯᠴᠡᠭᠰᠡᠨ ᠨᠢ》 ᠭᠡᠬᠦ ᠪᠦᠲᠦᠭᠡᠯ ᠦᠨ ᠲᠧᠺᠰᠲ᠋ ᠲᠤ ᠬᠤᠯᠪᠤᠭᠳᠠᠬᠤ ᠵᠠᠷᠢᠮ ᠠᠰᠠᠭᠤᠳᠠᠯ
作者 ᠴᠡᠯᠡᠭᠡᠷ
关键词 ᠣᠢᠷᠠᠳ ᠤᠨ ᠤᠷᠠᠨ ᠵᠤᠬᠢᠶᠠᠯ; 《ᠳᠦᠷᠪᠡᠨ ᠣᠢᠷᠠᠳ ᠤᠨ ᠡᠪᠳᠡᠷᠡᠯᠴᠡᠭᠰᠡᠨ ᠨᠢ》; ᠲᠧᠺᠰᠲ; ᠬᠤᠪᠢᠯᠪᠤᠷᠢ
摘要 《ᠳᠦᠷᠪᠡᠨ ᠣᠢᠷᠠᠳ ᠤᠨ ᠡᠪᠳᠡᠷᠡᠯᠴᠡᠭᠰᠡᠨ ᠨᠢ》 ᠭᠡᠬᠦ ᠪᠦᠲᠦᠭᠡᠯ ᠳᠦ ᠬᠤᠯᠪᠤᠭᠳᠠᠬᠤ ᠲᠧᠺᠰᠲ ᠤᠨ ᠨᠡᠢᠲᠡᠯᠡᠯ᠂ ᠡᠷᠳᠡᠮ ᠰᠢᠨᠵᠢᠯᠡᠭᠡᠨ ᠳᠦ ᠠᠰᠢᠭᠯᠠᠭᠰᠠᠨ ᠪᠠᠢᠳᠠᠯ᠂ ᠲᠡᠮᠳᠭᠯᠡᠯ ᠪᠠᠭᠤᠯᠭᠠᠯᠲᠠ ᠵᠢᠴᠢ ᠲᠡᠭᠦᠨ ᠦ ᠰᠤᠳᠤᠯᠭᠠᠨ ᠠᠴᠠ ᠬᠠᠷᠠᠪᠠᠯ᠂ ᠠᠳᠠᠯᠢ ᠪᠤᠰᠤ ᠠᠭᠤᠯᠭ᠎ᠠ ᠲᠠᠢ 7 ᠵᠤᠢᠯ ᠤᠨ ᠬᠤᠪᠢᠯᠪᠤᠷᠢ ᠶᠢ 18 ᠵᠤᠢᠯ ᠤᠨ ᠭᠠᠷᠴᠠᠭ ᠢᠶᠠᠷ ᠭᠠᠷᠴᠠᠭᠯᠠᠵᠤ ᠬᠡᠪᠯᠡᠭᠰᠡᠨ ᠦᠵᠡᠭᠳᠡᠯ ᠣᠷᠤᠰᠢᠬᠤ ᠪᠦᠭᠡᠳ ᠭᠠᠭᠴᠠ 《ᠳᠦᠷᠪᠡᠨ ᠣᠢᠷᠠᠳ ᠤᠨ ᠡᠪᠳᠡᠷᠡᠯᠴᠡᠭᠰᠡᠨ ᠨᠢ》 ᠭᠡᠬᠦ ᠲᠧᠺᠰᠲ ᠢ ᠯᠡ ᠡᠷᠳᠡᠮᠲᠡᠳ ᠢᠳᠡᠪᠬᠢᠲᠡᠢ ᠬᠡᠷᠡᠭᠯᠡᠵᠦ᠂ ᠪᠤᠰᠤᠳ ᠲᠧᠺᠰᠲ ᠢ ᠳᠡᠮᠡᠢ ᠠᠩᠬᠠᠷᠤᠭᠰᠠᠨ ᠦᠭᠡᠢ ᠪᠠᠢᠨ᠎ᠠ᠃ ᠶᠡᠷᠦ ᠨᠢ ᠣᠯᠠᠨ ᠬᠤᠪᠢᠯᠪᠤᠷᠢ ᠲᠠᠢ ᠪᠦᠲᠦᠭᠡᠯ ᠡᠴᠡ ᠵᠦᠪᠬᠡᠨ ᠨᠢᠭᠡ ᠬᠤᠪᠢᠯᠪᠤᠷᠢ ᠶᠢ ᠯᠡ ᠰᠤᠩᠭᠤᠨ ᠰᠤᠳᠤᠯᠬᠤ ᠨᠢ ᠵᠤᠬᠢᠰ ᠦᠭᠡᠢ᠂ ᠬᠠᠷᠢᠨ ᠪᠦᠬᠦ ᠬᠤᠪᠢᠯᠪᠤᠷᠢ ᠶᠢ ᠨᠢ ᠬᠤᠷᠸᠠᠴᠢ ᠲᠠᠯ᠎ᠠ ᠪᠠᠷ ᠰᠤᠳᠤᠯᠬᠤ ᠴᠢᠬᠤᠯᠠ ᠲᠠᠢ ᠶᠤᠮ᠃ ᠳᠠᠷᠤᠢ ᠲᠧᠺᠰᠲ ᠢ ᠪᠦᠬᠦ ᠲᠠᠯ᠎ᠠ ᠪᠠᠷ ᠣᠢᠯᠠᠭᠠᠬᠤ ᠦᠭᠡᠢ ᠪᠡᠷ ᠶᠠᠮᠠᠷ ᠨᠢᠭᠡᠨ ᠲᠧᠺᠰᠲ ᠢᠶᠡᠷ ᠭᠤᠤᠯ ᠪᠤᠯᠭᠠᠨ ᠰᠤᠳᠤᠯᠭᠠᠨ ᠬᠢᠬᠦ ᠨᠢ ᠦᠷᠦᠭᠡᠰᠦᠯ ᠮᠦᠷᠲᠡᠭᠡᠨ ᠨᠡᠢᠲᠡᠪᠦᠷᠢ ᠦᠭᠡᠢ ᠳ᠋ᠦᠩᠨᠡᠯᠲᠡ ᠶᠢ ᠪᠤᠢ ᠪᠤᠯᠭᠠᠳᠠᠭ᠃
原文 查看原文
出自 中国蒙古学 2015年 第2期

联系我们


内蒙古大学图书馆
呼和浩特市大学西路235号
中国·内蒙古
P: (0471) 4992561
E: huangfeilong@imu.edu.cn