摘要 |
ᠮᠣᠩᠭᠤᠯ ᠦᠨᠳᠦᠰᠦᠲᠡᠨ ᠦ ᠠᠮᠠᠨ ᠦᠯᠢᠭᠡᠷ ᠲᠦ ᠠᠬ᠎ᠠ ᠳᠡᠭᠦᠦ ᠶᠢᠨ ᠦᠯᠢᠭᠷ ᠣᠯᠠᠨᠲᠠ ᠬᠠᠷᠠᠭᠳᠠᠳᠠᠭ᠃ ᠭᠡᠬᠦ ᠳᠡᠭᠡᠨ ᠡᠳᠡᠭᠡᠷ ᠦᠯᠢᠭᠡᠷ ᠦᠳ ᠨᠢ ᠣᠯᠠᠩᠭᠢ ᠳᠠᠭᠠᠨ ᠨᠢᠭᠡᠨ ᠲᠤᠭᠲᠠᠭᠰᠠᠨ ᠬᠡᠯᠪᠡᠷᠢ ᠲᠡᠢ ᠪᠠᠢᠵᠤ᠂ ᠦᠯᠢᠭᠡᠷ ᠲᠦ ᠭᠠᠷᠴᠤ ᠪᠠᠢᠭ᠎ᠠ ᠠᠬ᠎ᠠ ᠳᠡᠭᠦᠦ ᠶᠢᠨ ᠳᠤᠲᠤᠷ᠎ᠠ ᠠᠴᠠ ᠠᠬ᠎ᠠ ᠨᠢ ᠬᠡᠵᠢᠶᠡᠳᠡ ᠠᠯᠵᠠᠭᠤ ᠵᠠᠯᠬᠠᠭᠤ᠂ ᠬᠤᠪᠳᠤᠭ ᠰᠢᠨᠤᠬᠠᠢ᠂ ᠠᠮᠢᠨᠴᠢᠷ ᠬᠤᠪᠢᠨᠴᠢᠷ᠂ ᠬᠠᠷᠬᠢᠰ ᠬᠡᠷᠴᠡᠭᠡᠢ᠂ ᠬᠤᠳᠠᠯ ᠬᠠᠭᠤᠷᠮᠠᠭ ᠵᠡᠷᠭᠡ ᠵᠠᠩ ᠴᠢᠨᠠᠷ ᠲᠠᠢ ᠪᠠᠢᠬᠤ ᠳᠤ ᠳᠡᠭᠦᠦ ᠨᠢ ᠬᠠᠷᠢᠨ ᠬᠡᠵᠢᠶᠡᠳᠡ ᠬᠦᠳᠡᠯᠮᠦᠷᠢᠴᠢ ᠠᠷᠢᠭᠤᠨ ᠰᠠᠨᠠᠭ᠎ᠠ ᠲᠠᠢ᠂ ᠡᠶ᠎ᠡ ᠡᠪ ᠢ ᠡᠷᠬᠢᠮᠯᠡᠬᠦ᠂ ᠮᠡᠷᠭᠡ ᠰᠡᠴᠡᠨ᠂ ᠴᠡᠭᠴᠢ ᠰᠢᠳᠤᠷᠭᠤ᠂ ᠡᠳ᠋ ᠠᠰᠢᠭ ᠲᠤ ᠰᠢᠨᠤᠬᠤ ᠦᠭᠡᠢ᠂ ᠣᠷᠤᠨ ᠨᠤᠲᠤᠭ᠂ ᠠᠷᠠᠳ ᠣᠯᠠᠨ ᠤ ᠪᠠᠨ ᠲᠦᠯᠦᠭᠡ ᠴᠢᠷᠮᠠᠢᠬᠤ ᠡᠷᠡᠯᠬᠡᠭ ᠰᠠᠨᠠᠭ᠎ᠠ ᠲᠠᠢ ᠪᠠᠭᠠᠲᠤᠷ ᠦᠢᠯᠡ ᠲᠡᠢ ᠵᠡᠷᠭᠡ ᠠᠯᠢ ᠣᠯᠠᠨ ᠰᠠᠢᠨ ᠰᠠᠢᠬᠠᠨ ᠣᠨᠴᠠᠯᠢᠭ ᠰᠢᠨᠵᠢ ᠶᠢ ᠪᠡᠶ᠎ᠡ ᠳᠡᠭᠡᠨ ᠪᠦᠷᠢᠯᠳᠦᠭᠦᠯᠦᠭᠰᠡᠨ ᠪᠠᠢᠳᠠᠭ᠃ |