论文信息


题名 Eu3+ ᠬᠤᠯᠢᠭᠰᠠᠨ ᠲᠢᠲ᠋ᠠᠨ ᠬᠦᠴᠢᠯ ᠦᠨ ᠳᠠᠪᠤᠰᠤᠨ ᠤ ᠴᠡᠭᠡᠨ ᠭᠡᠷᠡᠯᠲᠦ ᠨᠤᠨᠳᠠᠭ ᠢ ᠭᠠᠷᠭᠠᠨ ᠠᠪᠬᠤ ᠬᠢᠭᠡᠳ ᠲᠡᠭᠦᠨ ᠦ ᠭᠡᠷᠡᠯ ᠭᠠᠷᠬᠤ ᠰᠢᠨᠵᠢ ᠴᠢᠨᠠᠷ
作者 ᠰᠠᠢᠨ᠎ᠠ; ᠯᠤ ᠬᠠᠢ ᠳ᠋ᠦᠩ; ᠰᠠᠷᠠᠨ
关键词 ᠴᠠᠭᠠᠨ ᠭᠡᠷᠡᠯᠲᠦ LED; Zn2TiO4᠄ Eu3+; ᠠᠭᠤᠰᠤᠮᠠᠯ ᠴᠠᠪᠠᠤ — ᠴᠠᠷᠴᠠᠮᠠᠯ ᠴᠠᠪᠠᠤ ᠶᠢᠨ ᠠᠷᠭ᠎ᠠ; ᠭᠡᠷᠡᠯ ᠭᠠᠷᠬᠤ ᠰᠢᠨᠵᠢ ᠴᠢᠨᠠᠷ
摘要 ᠡᠲ᠋ᠠᠨᠳᠢᠤᠯ ᠪᠠᠢᠬᠤ ᠨᠦᠬᠦᠴᠡᠯ ᠳᠤᠤᠷ᠎ᠠ᠂ ᠠᠭᠤᠰᠤᠮᠠᠯ ᠴᠠᠪᠠᠤ — ᠴᠠᠷᠴᠠᠮᠠᠯ ᠴᠠᠪᠠᠤ ᠶᠢᠨ ᠠᠷᠭ᠎ᠠ ᠪᠠᠷ Eu3+ ᠬᠤᠯᠢᠭᠰᠠᠨ Zn2TiO4᠋ ᠤᠨ ᠤᠯᠠᠭᠠᠨ ᠦᠩᠭᠡᠲᠡᠢ ᠴᠡᠭᠡᠨ ᠭᠡᠷᠡᠯᠲᠦ ᠨᠤᠨᠳᠠᠭ ᠢ ᠦᠢᠯᠡᠳᠪᠡ᠃ X- ᠰᠠᠴᠤᠷᠠᠭ ᠤᠨ ᠲᠦᠭᠡᠯᠲᠡ ᠶᠢᠨ ᠵᠠᠳᠠᠯᠤᠯᠲᠠ᠂ ᠤᠯᠠᠭᠠᠨ ᠤ ᠭᠠᠳᠠᠨᠠᠬᠢ ᠭᠡᠷᠡᠯ ᠦᠨ ᠵᠢᠭᠰᠠᠯ ᠢᠶᠠᠷ ᠰᠤᠷᠢᠴᠠ ᠶᠢᠨ ᠭᠠᠳᠠᠷ ᠰᠢᠨᠵᠢ ᠶᠢ ᠬᠡᠮᠵᠢᠵᠦ᠂ ᠴᠡᠭᠡᠨ ᠭᠡᠷᠡᠯ ᠦᠨ ᠭᠡᠷᠡᠯᠳᠦᠯᠲᠡ ᠶᠢᠨ ᠬᠡᠮᠵᠢᠭᠦᠷ ᠢᠶᠡᠷ ᠰᠤᠷᠢᠴᠠ ᠶᠢᠨ ᠦᠳᠦᠭᠡᠮᠡᠯ ᠭᠡᠷᠡᠯ ᠦᠨ ᠵᠢᠭᠰᠠᠯ ᠪᠠ ᠰᠠᠴᠤᠷᠠᠯᠲᠠ ᠶᠢᠨ ᠭᠡᠷᠡᠯ ᠦᠨ ᠵᠢᠭᠰᠠᠯ ᠢ ᠬᠡᠮᠵᠢᠪᠡ᠃ ᠦᠷ᠎ᠡ ᠳ᠋ᠦᠩ ᠡᠴᠡ ᠦᠵᠡᠪᠡᠯ᠄ 700℃ ᠲᠤ ᠬᠤᠶᠠᠷ ᠴᠠᠭ ᠴᠤᠨᠤᠭᠠᠭᠠᠳ Zn2TiO4᠄ Eu3+᠋ ᠶᠢᠨ ᠴᠡᠭᠡᠨ ᠭᠡᠷᠡᠯᠲᠦ ᠨᠤᠨᠤᠳᠠᠭ ᠢ ᠣᠯᠵᠠᠢ᠃ 613nm᠋ ᠤᠨ ᠳᠤᠯᠭᠢᠶᠠᠨ ᠤ ᠤᠷᠲᠤ ᠪᠦᠬᠦᠢ ᠭᠡᠷᠡᠯ ᠦᠨ ᠳᠤᠤᠷ᠎ᠠ Zn2TiO4᠄ Eu3+ ᠨᠤᠨᠳᠠᠭ ᠤᠨ ᠦᠳᠦᠭᠡᠮᠡᠯ ᠭᠡᠷᠡᠯ ᠦᠨ ᠵᠢᠭᠰᠠᠯ ᠨᠢ ᠨᠢᠭᠡ ᠢᠵᠢ ᠬᠤᠷᠴᠠ ᠣᠷᠭᠢᠯ ᠡᠭᠦᠰᠴᠦ᠂ ᠬᠦᠬᠡ ᠭᠡᠷᠡᠯ ᠦᠨ 465nm᠋ ᠤᠨ ᠬᠡᠰᠡᠭ ᠲᠦ ᠴᠢᠩᠭ᠍᠎ᠠ ᠳᠤᠯᠭᠢᠶᠠᠨ ᠤ ᠣᠷᠭᠢᠯ ᠢᠯᠡᠷᠡᠪᠡ᠃ 465nm᠋᠋ ᠤᠨ ᠬᠦᠬᠡ ᠭᠡᠷᠡᠯ ᠦᠨ ᠦᠳᠦᠭᠡᠯᠲᠡ ᠳᠤᠤᠷ᠎ᠠ᠂ ᠭᠤᠤᠯ ᠪᠤᠯᠬᠤ ᠰᠠᠴᠤᠷᠠᠯᠲᠠ ᠶᠢᠨ ᠳᠤᠯᠭᠢᠶᠠᠨ ᠨᠢ 613nm᠋ ᠬᠡᠰᠡᠭ ᠲᠡᠬᠢ ᠴᠢᠩᠭ᠍᠎ᠠ 5Do7F2 ᠦᠰᠦᠷᠦᠯᠲᠡ ᠪᠡ 590nm ᠬᠡᠰᠡᠭ ᠲᠡᠬᠢ ᠰᠤᠯᠠ 5Do7F2 ᠦᠰᠦᠷᠦᠯᠲᠡ ᠪᠤᠯᠤᠨ᠎ᠠ᠃ ᠠᠳᠠᠯᠢ ᠪᠤᠰᠤ ᠳᠤᠯᠠᠭᠠᠨ ᠢᠶᠠᠷ ᠴᠤᠨᠤᠭᠠᠬᠤ ᠳᠤ 700℃ ᠦᠶᠡᠰ ᠦᠨ ᠭᠡᠷᠡᠯ ᠭᠠᠷᠬᠤ ᠬᠦᠴᠦᠯᠡᠴᠡ ᠨᠢ ᠬᠠᠮᠤᠭ ᠤᠨ ᠴᠢᠩᠭ᠍᠎ᠠ᠂ ᠲᠤᠰ ᠳᠤᠯᠠᠭᠠᠴᠠ ᠶᠢᠨ ᠦᠩᠭᠡ ᠶᠢᠨ ᠪᠠᠢᠷᠢᠰᠢᠯ ᠦᠨ ᠬᠡᠮᠵᠢᠭᠳᠡᠯ ᠨᠢ (0.6233᠂ 0.3762) ᠪᠠᠢᠵᠤ᠂ ᠪᠠᠷᠢᠮᠵᠢᠶ᠎ᠠ ᠤᠯᠠᠭᠠᠨ ᠦᠨᠭᠡ ᠶᠢᠨ ᠪᠠᠢᠷᠢᠰᠢᠯ ᠤᠨ ᠬᠡᠮᠵᠢᠭᠳᠡᠯ (0.67᠂ 0.33) ᠲᠠᠢ ᠣᠢᠷᠠᠲᠤᠨ᠎ᠠ᠃ ᠡᠨᠡ ᠨᠢ ᠨᠢᠭᠡ ᠵᠤᠢᠯ ᠤᠨ ᠨᠢᠭᠤᠭᠳᠠᠮᠠᠯ ᠬᠦᠬᠡ ᠭᠡᠷᠡᠯᠲᠦ LED ᠴᠠᠬᠢᠮ ᠤᠨ ᠭᠡᠷᠡᠯ ᠬᠤᠪᠢᠰᠤᠭᠤᠯᠬᠤ ᠤᠯᠠᠭᠠᠨ ᠭᠡᠷᠡᠯ ᠦᠨ ᠮᠠᠲ᠋ᠧᠷᠢᠶᠠᠯ ᠪᠤᠯᠵᠠᠢ᠃
原文 没有原文
出自 内蒙古师范大学学报(自然科学蒙古文版) 2014年 第4期

联系我们


内蒙古大学图书馆
呼和浩特市大学西路235号
中国·内蒙古
P: (0471) 4992561
E: huangfeilong@imu.edu.cn