论文信息


题名 ᠮᠣᠩᠭᠤᠯ ᠡᠮ ᠨᠠᠢ᠌ᠢᠷᠠᠯᠭ᠎ᠠ ᠠᠨᠠᠷ —4᠋ ᠶᠢᠨ ᠪᠢᠴᠢᠬᠠᠨ ᠬᠤᠯᠤᠭᠠᠨ᠎ᠠ ᠶᠢᠨ ᠬᠤᠳᠤᠭᠤᠳᠤᠨ ᠤ ᠬᠤᠭᠤᠰᠤᠷᠠᠯ ᠪᠤᠯᠤᠨ ᠨᠠᠷᠢᠨ ᠭᠡᠳᠡᠰᠦᠨ ᠦ ᠬᠦᠳᠡᠯᠭᠡᠭᠡᠨ ᠳᠦ ᠦᠵᠡᠭᠦᠯᠬᠦ ᠨᠦᠯᠦᠭᠡ
作者 ᠸᠠᠩ ᠬᠤᠸᠠᠨ; ᠬᠠᠢ ᠵᠢᠩ ᠵᠢᠩ; ᠳ᠋ᠠᠢ ᠰᠢᠦ ᠫᠢᠩ; ᠤᠷᠢᠬᠠᠨ; ᠲᠢᠶᠠᠨ ᠰᠢᠶᠠᠩ; ᠰᠤᠷᠭᠤᠭ; ᠨᠠᠮᠢᠷᠠ
关键词 ᠠᠨᠠᠷ —4; ᠬᠤᠳᠤᠭᠤᠳᠤᠨ ᠤ ᠬᠤᠭᠤᠰᠤᠷᠠᠯ; ᠨᠠᠷᠢᠨ ᠭᠡᠳᠡᠰᠦᠨ ᠦ ᠬᠦᠳᠡᠯᠭᠡᠭᠡᠨ; ᠠᠮᠢᠲᠠᠨ ᠤ ᠲᠤᠷᠰᠢᠯᠲᠠ
摘要 ᠵᠤᠷᠢᠯᠭ᠎ᠠ᠄ ᠮᠣᠩ᠋ᠭᠤᠯ ᠡᠮ ᠨᠠᠢ᠌ᠷᠠᠯᠭ᠎ᠠ ᠠᠨᠠᠷ —4᠋ ᠶᠢᠨ ᠪᠢᠴᠢᠬᠠᠨ ᠬᠤᠯᠤᠭᠠᠨ᠎ᠠ ᠶᠢᠨ ᠬᠤᠳᠤᠭᠤᠳᠤᠨ ᠤ ᠬᠤᠭᠤᠰᠤᠷᠠᠯ ᠵᠢᠴᠢ ᠨᠠᠷᠢᠨ ᠭᠡᠳᠡᠰᠦᠨ ᠦ ᠬᠦᠳᠡᠯᠭᠡᠭᠡᠨ ᠳᠦ ᠦᠵᠡᠭᠦᠯᠬᠦ ᠨᠦᠯᠦᠭᠡ ᠶᠢ ᠰᠤᠳᠤᠯᠤᠨ᠎ᠠ᠃ ᠠᠷᠭ᠎ᠠ᠄ 0.1%᠋ ᠶᠢᠨ ᠮᠧᠲ᠋ᠢᠯᠲᠦ ᠤᠯᠠᠭᠠᠨ ᠢ ᠬᠤᠳᠤᠭᠤᠳᠤ ᠪᠠᠷ ᠪᠤᠷᠤᠭᠤᠢ᠌ᠳᠠᠬᠤ ᠠᠷᠭ᠎ᠠ ᠪᠠᠷ ᠦᠭᠴᠦ᠂ ᠲᠤᠭᠲᠠᠭᠰᠠᠨ ᠴᠠᠭ ᠤᠨ ᠳᠠᠷᠠᠭ᠎ᠠ ᠬᠤᠯᠤᠭᠠᠨ᠎ᠠ ᠪᠠᠨ ᠠᠯᠠᠵᠤ᠂ ᠬᠤᠳᠤᠭᠤᠳᠤᠨ ᠳᠤ ᠬᠢ ᠮᠧᠲ᠋ᠢᠯᠲᠤ ᠤᠯᠠᠭᠠᠨ (甲基橙)᠋ ᠤ ᠠᠭᠤᠯᠤᠭᠳᠠᠴᠠ ᠶᠢ ᠭᠡᠷᠡᠯ ᠵᠢᠭ᠌ᠰᠠᠯ ᠤᠨ ᠮᠠᠰᠢᠨ ᠢᠶᠠᠷ ᠭᠡᠷᠡᠯ ᠰᠢᠩᠭᠡᠭᠡᠯᠲᠡ ᠶᠢ ᠬᠡᠮᠵᠢᠪᠡ; 20%᠋ ᠶᠢᠨ ᠨᠡᠭᠦᠷᠡᠰᠦᠨ ᠨᠤᠨᠳᠠᠭ ᠢ ᠬᠤᠳᠤᠭᠤᠳᠤ ᠪᠠᠷ ᠪᠤᠭᠤᠢ᠌ᠳᠠᠬᠤ ᠠᠷᠭ᠎ᠠ ᠪᠠᠷ ᠦᠭᠴᠦ᠂ ᠲᠤᠭᠲᠠᠭᠰᠠᠨ ᠴᠠᠭ ᠤᠨ ᠳᠠᠷᠠᠭ᠎ᠠ ᠨᠠᠷᠢᠨ ᠭᠡᠳᠡᠰᠦᠨ ᠳᠦ ᠤᠷᠤᠭᠰᠢᠯᠠᠭᠰᠠᠨ ᠤᠷᠲᠤ ᠶᠢ ᠨᠢ ᠬᠡᠮᠵᠢᠪᠡ᠃ ᠦᠷ᠎ᠡ ᠳ᠋ᠦᠩ᠄ ᠬᠤᠳᠤᠭᠤᠳᠤᠨ ᠤ ᠬᠤᠭᠤᠤᠷᠠᠯ ᠢ ᠠᠵᠢᠭᠯᠠᠭᠰᠠᠨ ᠲᠤᠷᠰᠢᠯᠲᠠ ᠳᠤ ᠭᠤᠷᠪᠠᠨ ᠡᠮ ᠦᠭ᠍ᠬᠦ ᠳᠤᠭᠤᠢ᠌ᠯᠠᠩ ᠢ ᠡᠷᠡᠭᠦᠯ ᠬᠠᠷᠢᠴᠠᠭᠤᠯᠬᠤ ᠳᠤᠭᠤᠢ᠌ᠯᠠᠩ ᠲᠠᠢ ᠬᠠᠷᠢᠴᠠᠭᠤᠯᠪᠠ᠂ ᠬᠤᠳᠤᠭᠤᠳᠤᠨ ᠤ ᠬᠤᠭᠤᠰᠤᠷᠠᠯ ᠢ ᠪᠦᠷ ᠢᠯᠡᠳᠲᠡ ᠤᠳᠠᠭᠠᠰᠢᠷᠠᠭᠤᠯᠤᠭᠰᠠᠨ ᠪᠠᠢ᠌ᠨ᠎ᠠ (ᠪᠦᠷ P<0.01); ᠨᠠᠷᠢᠨ ᠭᠡᠳᠡᠰᠦᠨ ᠦ ᠬᠦᠳᠡᠯᠭᠡᠭᠡᠨ ᠦ ᠲᠤᠷᠰᠢᠯᠲᠠ ᠳᠦ ᠡᠯ᠎ᠡ ᠡᠮ ᠦᠭ᠍ᠬᠦ ᠳᠤᠭᠤ᠌ᠢ᠌ᠯᠠᠩ ᠢ ᠡᠷᠡᠭᠦᠯ ᠬᠠᠷᠢᠴᠠᠭᠤᠯᠬᠤ ᠳᠤᠭᠤᠢ᠌ᠯᠠᠩ ᠲᠠᠢ ᠬᠠᠷᠢᠴᠠᠭᠤᠯᠬᠤ ᠳᠤ ᠶᠡᠬᠡ ᠬᠡᠮᠵᠢᠶᠡᠨ ᠦ ᠡᠮ ᠦᠭ᠍ᠬᠦ ᠳᠤᠭᠤᠢ᠌ᠯᠠᠩ ᠨᠢ ᠨᠠᠷᠢᠨ ᠭᠡᠳᠡᠰᠦᠨ ᠦ ᠬᠦᠳᠡᠯᠭᠡᠭᠡᠨ ᠢ ᠢᠯᠡᠳᠲᠡ ᠠᠭᠢᠭᠤᠯᠬᠤ ᠦᠢᠯᠡᠳᠦᠯ ᠲᠡᠢ (P<0.05)᠂ ᠳᠤᠮᠳᠠ ᠬᠡᠮᠵᠢᠶᠡᠨ ᠦ ᠳᠤᠭᠤᠢ᠌ᠯᠠᠩ ᠪᠤᠯᠤᠨ ᠪᠠᠭ᠎ᠠ ᠬᠡᠮᠵᠢᠶᠡᠨ ᠦ ᠳᠤᠭᠤᠢ᠌ᠯᠠᠩ ᠨᠢ ᠨᠠᠷᠢᠨ ᠭᠡᠳᠡᠰᠦᠨ ᠦ ᠬᠦᠳᠡᠯᠭᠡᠭᠡᠨ ᠢ ᠠᠭᠢᠭᠤᠯᠬᠤ ᠬᠠᠨᠳᠤᠰᠢ ᠲᠠᠢ ᠪᠤᠯᠪᠠᠴᠤ ᠢᠯᠡᠳᠲᠡ ᠵᠦᠷᠢᠶ᠎ᠡ ᠭᠠᠷᠤᠭᠰᠠᠨ ᠦᠭᠡᠢ᠃ ᠳ᠋ᠦᠩᠨᠡᠯᠲᠡ᠄ ᠮᠣᠩ᠋ᠭᠤᠯ ᠡᠮ ᠨᠠᠢ᠌ᠷᠠᠯᠭ᠎ᠠ ᠠᠨᠠᠷ —4 ᠨᠢ ᠪᠢᠴᠢᠬᠠᠨ ᠬᠤᠯᠤᠭᠠᠨ᠎ᠠ ᠶᠢᠨ ᠬᠤᠳᠤᠭᠤᠳᠤᠨ ᠤ ᠬᠤᠭᠤᠰᠤᠷᠠᠯ ᠢ ᠢᠯᠡᠳᠲᠡ ᠤᠳᠠᠭᠠᠰᠢᠷᠠᠭᠤᠯᠵᠤ᠂ ᠨᠠᠷᠢᠨ ᠭᠡᠳᠡᠰᠦᠨ ᠦ ᠬᠦᠳᠡᠯᠭᠡᠭᠡᠨ ᠢ ᠠᠭᠢᠭᠤᠯᠬᠤ ᠦᠢᠯᠡᠳᠦᠯ ᠲᠡᠢ᠃
原文 查看原文
出自 内蒙古民族大学学报(蒙医药学) 2011年 第1期

联系我们


内蒙古大学图书馆
呼和浩特市大学西路235号
中国·内蒙古
P: (0471) 4992561
E: huangfeilong@imu.edu.cn