摘要 |
ᠮᠣᠩᠭᠤᠯᠴᠤᠳ ᠡᠷᠲᠡᠨ ᠡᠴᠡ ᠬᠠᠤᠯᠢ ᠴᠠᠭᠠᠵᠠ ᠶᠢ ᠳᠡᠭᠡᠳᠦᠯᠡᠵᠦ ᠢᠷᠡᠭᠰᠡᠨ ᠤᠯᠠᠮᠵᠢᠯᠠᠯ ᠲᠠᠢ ᠪᠢᠯᠡ᠃ ᠲᠡᠦᠬᠡ ᠶᠢᠨ ᠬᠦᠭ᠍ᠵᠢᠯᠲᠡ ᠶᠢᠨ ᠶᠠᠪᠤᠴᠠ ᠳᠤ᠂ ᠮᠣᠩ᠋ᠭᠤᠯᠴᠤᠳ ᠬᠠᠤᠯᠢ ᠴᠠᠭᠠᠵᠠ ᠶᠢᠨ ᠦᠵᠡᠯ ᠰᠠᠨᠠᠭᠠᠨ ᠤ ᠡᠭᠦᠰᠦᠯ ᠦᠨ ᠮᠦᠨ ᠴᠢᠨᠠᠷ ᠢ ᠲᠡᠭᠷᠢ ᠭᠠᠵᠠᠷ ᠤᠨ ᠵᠤᠷᠢᠭ ᠰᠠᠨᠠᠭᠠᠨ ᠤ ᠢᠯᠡᠷᠡᠯ ᠪᠤᠯᠭᠠᠨ ᠦᠵᠡᠵᠦ ᠪᠠᠢ᠌ᠭᠰᠠᠨ ᠠᠴᠠ ᠪᠠᠨ ᠪᠦᠬᠡ ᠮᠦᠷᠭᠦᠯ ᠦᠨ ᠨᠦᠯᠦᠭᠡᠨ ᠦ ᠤᠷᠤᠭᠤᠳᠠᠨ ᠳᠤᠷᠤᠢ᠌ᠲᠠᠬᠤ ᠪᠠ ᠪᠤᠷᠬᠠᠨ ᠱᠠᠰᠢᠨ ᠤ ᠨᠦᠯᠦᠭᠡᠯᠡᠯ ᠵᠢᠴᠢ ᠴᠢᠩ ᠤᠯᠤᠰ ᠤᠨ ᠨᠤᠶᠠᠷᠬᠠᠯ ᠤᠨ ᠭᠦᠨᠵᠡᠭᠡᠢ᠌ᠷᠡᠯ ᠢ ᠳᠠᠭᠠᠯᠳᠤᠨ ᠬᠦᠮᠦᠨ ᠦ ᠵᠤᠷᠢᠭ ᠰᠠᠨᠭᠠᠨ ᠤ ᠢᠯᠡᠷᠡᠯ ᠪᠤᠯᠭᠠᠨ ᠦᠵᠡᠬᠦ ᠪᠤᠯᠵᠠᠢ᠃ ᠭᠡᠬᠦ ᠳᠡᠭᠡᠨ ᠠᠳᠠᠯᠢ ᠪᠤᠰᠤ ᠬᠠᠷᠠᠭᠠᠰᠤ ᠠᠴᠠ ᠬᠠᠤᠯᠢ ᠴᠠᠭᠠᠵᠠ ᠶᠢᠨ ᠦᠵᠡᠯ ᠰᠠᠨᠠᠭᠠᠨ ᠤ ᠡᠭᠦᠰᠦᠯ ᠢ ᠲᠠᠢ᠌ᠯᠪᠤᠷᠢᠯᠠᠵᠤ᠂ ᠠᠳᠠᠯᠢ ᠪᠤᠰᠤ ᠠᠩᠭᠢ ᠪᠦᠯᠬᠦᠮ ᠦᠨ ᠠᠰᠢᠭ ᠲᠤᠰᠠ ᠶᠢ ᠳᠤᠰᠬᠠᠵᠤ ᠪᠠᠢ᠌ᠯ᠎ᠠ᠃ |