摘要 |
ᠡᠨᠡ ᠦᠭᠦᠯᠡᠯ ᠳᠡᠭᠡᠨ ᠪᠢ ᠬᠠᠭᠠᠰ ᠨᠤᠲᠤᠭ ᠤᠨ ᠲᠠᠪᠢᠨ ᠨᠠᠶᠮᠠᠨ ᠨᠠᠰᠤᠲᠠᠢ ᠮᠢᠨᠢᠶᠠ ᠡᠪᠦᠭᠡᠨ ᠦ ᠬᠡᠯᠡᠭᠰᠡᠨ 《ᠪᠦᠬᠦᠨ ᠴᠠᠭᠠᠨ ᠲᠠᠤᠯᠠᠢ》᠂ 《ᠡᠷ᠎ᠡ ᠠᠭᠤᠨ ᠪᠠᠭᠠᠲᠤᠷ》 ᠭᠡᠬᠦ ᠲᠤᠤᠯᠢ ᠪᠤᠯᠤᠨ ᠬᠤᠮ ᠨᠤᠲᠤᠭ ᠲᠤ ᠰᠠᠭᠤᠵᠤ ᠪᠠᠢᠭ᠎ᠠ ᠳᠠᠯᠠᠨ ᠬᠤᠶᠠᠷ ᠨᠠᠰᠤᠲᠠᠢ ᠮᠢᠨᠦ ᠠᠪᠤ ᠲᠤᠬᠠᠢ ᠶᠢᠨ ᠬᠡᠯᠡᠭᠰᠡᠨ 《ᠵᠤᠯᠠ ᠠᠯᠳᠠᠷ ᠬᠠᠭᠠᠨ》᠂ 《ᠭᠠᠯᠵᠢ ᠵᠠᠯᠵᠢ ᠪᠠᠭᠠᠲᠤᠷ》 ᠭᠡᠵᠦ ᠬᠤᠶᠠᠷ ᠲᠤᠤᠯᠢ ᠯᠤᠭ᠎ᠠ ᠨᠡᠢᠲᠡ ᠳᠦᠷᠪᠡᠨ ᠲᠤᠤᠯᠢ ᠶᠢ ᠰᠤᠳᠤᠯᠵᠤ᠂ ᠮᠠᠨ ᠤ ᠤᠯᠤᠰ ᠤᠨ ᠪᠠᠷᠭᠤ᠂ ᠣᠢᠷᠠᠳ ᠲᠤᠤᠯᠢ ᠲᠠᠢ ᠶᠡᠬᠡ ᠲᠦᠯᠦᠪ ᠬᠠᠷᠢᠴᠠᠭᠤᠯᠵᠤ᠂ ᠬᠦᠬᠡ ᠮᠤᠨᠴᠠᠭ ᠲᠤᠤᠯᠢ ᠪᠤᠯᠤᠨ ᠮᠣᠩᠭᠤᠯ ᠲᠤᠤᠯᠢ ᠶᠢᠨ ᠬᠠᠷᠢᠴᠠᠭ᠎ᠠ ᠵᠢᠴᠢ ᠬᠦᠬᠡ ᠮᠤᠨᠴᠠᠭ ᠲᠤᠤᠯᠢ ᠶᠢᠨ ᠪᠠᠷᠭᠤ᠂ ᠣᠢᠷᠠᠳ ᠲᠤᠤᠯᠢ ᠠᠴᠠ ᠢᠯᠭᠠᠭ᠎ᠠ ᠲᠠᠢ ᠵᠤᠢᠯ ᠢ ᠮᠦᠴᠢᠳᠭᠡᠨ ᠦᠭᠦᠯᠡᠬᠦ ᠪᠡᠷ ᠳᠠᠮᠵᠢᠵᠤ ᠬᠦᠬᠡ ᠮᠤᠨᠴᠠᠭ ᠲᠤᠤᠯᠢ ᠶᠢ ᠠᠩᠬ᠎ᠠ ᠠᠯᠬᠤᠮ ᠲᠠᠨᠢᠯᠴᠠᠭᠤᠯᠬᠤ ᠪᠠᠷ ᠵᠤᠷᠢᠪᠠ᠃ |