摘要 |
ᠬᠤᠷᠴᠢᠨ ᠠᠷᠠᠳ ᠤᠨ ᠦᠯᠢᠭᠡᠷᠲᠦ ᠲᠠᠭᠤᠤ ᠶᠢᠨ ᠰᠣᠳᠤᠯᠭ᠎ᠠ ᠬᠡᠳᠦᠢᠪᠡᠷ ᠡᠳᠦᠢ ᠲᠡᠳᠦᠢ ᠠᠮᠵᠢᠯᠲᠠ ᠤᠯᠤᠭᠰᠠᠨ ᠪᠤᠯᠪᠠᠴᠤ ᠪᠠᠰᠠ ᠲᠤᠳᠠᠮᠠᠭ ᠲᠠᠯ ᠠ ᠤᠷᠤᠰᠢᠵᠤ ᠪᠠᠢᠨ᠎ᠠ᠃ ᠤᠯᠠᠩᠬᠢ ᠰᠣᠳᠤᠯᠤᠯ ᠨᠢ ᠬᠤᠷᠣ ᠠ ᠲᠠᠯ ᠠ ᠡᠴᠡ ᠰᠣᠳᠤᠯᠵᠤ ᠪᠠᠢᠭ᠎ᠠ ᠪᠠᠢᠳᠠᠯ ᠲᠠᠢ᠂ ᠬᠠᠮᠬᠢ ᠲᠠᠯ ᠠ ᠡᠴᠡ ᠰᠣᠳᠤᠯᠬᠤ ᠪᠤᠯ ᠮᠦᠨ ᠴᠦ ᠨᠢᠭᠡᠨ ᠰᠣᠳᠤᠯᠤᠯ ᠤᠨ ᠠᠷᠭ᠎ᠠ ᠪᠤᠯᠤᠨ᠎ᠠ᠃ ᠠᠳᠠᠯᠢ ᠪᠤᠰᠤ ᠰᠣᠶᠣᠯ ᠬᠠᠷᠢᠯᠴᠠᠨ ᠨᠦᠯᠦᠭᠡᠯᠡᠬᠦ ᠦᠵᠡᠭᠳᠡᠯ ᠡᠯ ᠠ ᠤᠭᠰᠠᠭ᠎ᠠ ᠦᠨᠳᠦᠰᠦᠲᠡᠨ ᠤ ᠲᠤᠳᠤᠷ ᠠ ᠪᠦᠷ ᠪᠠᠢᠵᠤ᠂ ᠲᠡᠳᠡ ᠬᠠᠷᠢᠯᠴᠠᠨ ᠰᠣᠶᠣᠯ ᠢᠢᠡᠨ ᠭᠦᠭᠵᠢᠬᠦᠯᠵᠦ ᠢᠷᠡᠭᠰᠡᠨ ᠲᠡᠦᠭᠡ ᠲᠠᠢ᠃ ᠬᠤᠷᠴᠢᠨ ᠠᠷᠠᠳ ᠤᠨ ᠦᠯᠢᠭᠡᠷᠲᠤ ᠲᠠᠭᠤᠤ ᠵᠢ ᠨᠦᠯᠦᠭᠡ ᠰᠣᠳᠤᠯᠤᠯ ᠤᠨ ᠲᠠᠯ ᠠ ᠡᠴᠡ ᠰᠣᠳᠤᠯᠪᠠᠯ ᠦᠯᠢᠭᠡᠷᠲᠦ ᠲᠠᠭᠤᠤ ᠶᠢᠨ ᠰᠣᠳᠤᠯᠭᠠᠨ ᠨᠡᠩ ᠭᠦᠨᠵᠡᠭᠡᠢ ᠨᠡᠩ ᠪᠦᠷᠢᠨ ᠪᠤᠯᠵᠤ ᠴᠢᠳᠠᠨ᠎ᠠ ᠭᠡᠵᠦ ᠦᠡᠵᠡᠵᠦ ᠪᠠᠢᠨ᠎ᠠ᠃ |