论文信息


题名 ᠲᠤᠳᠤ ᠦᠰᠦᠭ ᠤᠨ ᠰᠤᠷᠪᠤᠯᠵᠢ ᠪᠢᠴᠢᠭ᠌ ᠢ ᠲᠦᠷᠦᠯᠵᠢᠭᠦᠯᠦᠨ ᠠᠩᠭᠢᠯᠠᠬᠤ ᠪᠠ ᠠᠰᠢᠭᠯᠠᠨ ᠬᠡᠷᠡᠭᠯᠡᠬᠦ ᠲᠤᠬᠠᠢ
作者 ᠪᠤ • ᠱᠤᠷᠠ
关键词 ᠲᠤᠳᠤ ᠦᠰᠦᠭ ᠤᠨ ᠰᠤᠷᠪᠤᠯᠵᠢ ᠪᠢᠴᠢᠭ᠌; ᠲᠦᠷᠦᠯ ᠵᠦᠢᠯ; ᠠᠰᠢᠭᠯᠠᠨ ᠬᠡᠷᠡᠭᠯᠡᠬᠦ; ᠰᠠᠨᠠᠯ ᠵᠦᠪᠯᠡᠯᠭᠡ
摘要 ᠦᠭᠦᠯᠡᠯ ᠳᠤ《ᠤᠢ᠌ᠷᠠᠳ ᠰᠤᠶᠤᠯ ᠤᠨ ᠲᠡᠭᠡᠵᠢ ᠬᠡᠮᠡᠬᠦ》ᠴᠤᠪᠤᠷᠠᠯ ᠪᠢᠴᠢᠭ᠌ ᠶᠢᠡᠷ ᠬᠡᠪᠯᠡᠭᠳᠡᠭᠰᠡᠨ 《ᠤᠢ᠌ᠷᠠᠳ ᠲᠡᠦᠬᠡᠨ ᠰᠤᠷᠪᠤᠯᠵᠢ ᠪᠢᠴᠢᠭ᠌》᠂《ᠤᠢ᠌ᠷᠠᠳ ᠲᠡᠦᠬᠡ ᠶᠢᠨ ᠲᠤᠷᠠᠰᠬᠠᠯ ᠤᠳ》ᠭᠡᠬᠦ ᠬᠤᠶᠠᠷ ᠨᠤᠮ ᠳᠤ ᠤᠷᠤᠭᠤᠯᠤᠭᠰᠠᠨ ᠵᠤᠬᠢᠶᠠᠯ ᠤᠳ ᠪᠠ ᠰᠢᠨᠵᠢᠶᠠᠩ ᠤᠨ ᠬᠠᠭᠤᠴᠢᠨ ᠨᠤᠮ ᠪᠢᠴᠢᠭ᠌ ᠡᠮᠬᠢᠳᠭᠡᠨ ᠲᠢᠭ᠍ᠯᠡᠬᠦ ᠭᠠᠵᠠᠷ ᠡᠴᠡ ᠬᠡᠪᠯᠡᠭᠦᠯᠦᠨ ᠲᠠᠷᠬᠠᠭᠠᠭᠰᠠᠨ《ᠬᠠᠭᠤᠴᠢᠨ ᠨᠤᠮ ᠤᠨ ᠭᠠᠷᠴᠠᠭ》 ᠢ ᠦᠨᠳᠦᠰᠦᠯᠡᠵᠦ᠂ ᠰᠢᠨᠵᠢᠶᠠᠩ ᠳᠤ ᠬᠠᠳᠠᠭᠠᠯᠠᠭᠳᠠᠵᠤ ᠪᠦᠬᠦᠢ ᠲᠤᠳᠤ ᠦᠰᠦᠭ ᠤᠨ ᠰᠤᠷᠪᠤᠯᠵᠢ ᠪᠢᠴᠢᠭ᠌ ᠤᠳ ᠨᠢ ᠭᠤᠤᠯᠳᠠᠭᠤ ᠲᠡᠦᠬᠡ —— ᠭᠠᠵᠠᠷ ᠵᠦᠢ᠂ ᠬᠠᠤᠯᠢ ᠴᠠᠭᠠᠵᠠ᠂ ᠵᠠᠩ ᠦᠢᠯᠡ᠂ ᠤᠳᠬ᠎ᠠ ᠵᠤᠬᠢᠶᠠᠯ ᠪᠠ ᠰᠢᠷ᠎ᠠ ᠶᠢᠨ ᠱᠠᠰᠢᠨ ᠭᠡᠬᠦ ᠵᠡᠷᠭᠡ ᠬᠡᠳᠦᠨ ᠠᠩᠭᠢᠯᠠᠯ ᠳᠤ ᠬᠠᠮᠤᠷᠤᠭᠳᠠᠬᠤ ᠶᠢ ᠲᠠᠢ᠌ᠯᠪᠤᠷᠢᠯᠠᠨ ᠲᠤᠳᠤᠷᠬᠠᠢ᠌ᠯᠠᠬᠤ ᠶᠢᠨ ᠲᠠᠭᠠᠤ᠂ ᠲᠤᠳᠤ ᠦᠰᠦᠭ ᠤᠨ ᠰᠤᠷᠪᠤᠯᠵᠢ ᠪᠢᠴᠢᠭ᠌ ᠤᠳ ᠢ ᠦᠷᠭᠦᠯᠵᠢᠯᠡᠨ ᠰᠤᠷᠪᠤᠯᠵᠢᠯᠠᠵᠤ ᠴᠤᠭᠯᠠᠭᠤᠯᠬᠤ᠂ ᠤᠯᠤᠰ ᠤᠨ ᠬᠤᠭᠤᠷᠤᠨᠳᠤᠬᠢ ᠰᠤᠶᠤᠯ ᠤᠨ ᠬᠠᠷᠢᠯᠴᠠᠭ᠎ᠠ ᠪᠡᠷ ᠲᠠᠮᠵᠢᠨ ᠢᠳᠡᠪᠬᠢᠳᠡᠢ ᠠᠷᠭ᠎ᠠ ᠪᠠᠷᠢᠯ ᠶᠢᠡᠷ ᠤᠯᠤᠰ ᠤᠨ ᠭᠠᠳᠠᠭᠠᠳᠤ ᠳᠤ ᠪᠠᠢ᠌ᠭ᠎ᠠ ᠲᠤᠳᠤ ᠦᠰᠦᠭ ᠤᠨ ᠰᠤᠷᠪᠤᠯᠵᠢ ᠪᠢᠴᠢᠭ᠌ ᠢ ᠤᠷᠤᠭᠤᠯᠵᠤ ᠠᠪᠴᠢᠷᠠᠬᠤ᠂ ᠲᠤᠳᠤ ᠦᠰᠦᠭ ᠤᠨ ᠰᠤᠷᠪᠤᠯᠵᠢ ᠪᠢᠴᠢᠭ᠌ ᠤᠳ ᠢ ᠡᠷᠳᠡᠮ ᠰᠢᠨᠵᠢᠯᠡᠭᠡᠨ ᠳᠤ ᠠᠰᠢᠭᠯᠠᠬᠤ᠂ ᠲᠤᠳᠤ ᠦᠰᠦᠭ ᠤᠨ ᠰᠤᠷᠪᠤᠯᠵᠢ ᠪᠢᠴᠢᠭ᠌ ᠤᠨ ᠡᠮᠬᠢᠳᠭᠡᠯ ᠪᠤᠶᠤ ᠴᠤᠪᠤᠷᠠᠯ ᠪᠢᠴᠢᠭ᠌ ᠬᠡᠪᠯᠡᠭᠦᠯᠦᠨ ᠲᠠᠷᠬᠠᠭᠠᠵᠤ ᠦᠨᠳᠦᠰᠦᠳᠡᠨ ᠤ ᠰᠤᠶᠤᠯ ᠤᠨ ᠮᠦᠩᠬᠡ ᠵᠤᠯᠠ ᠪᠠᠨ ᠦᠨᠢᠳᠡ ᠪᠠᠳᠠᠷᠠᠭᠤᠯᠬᠤ ᠵᠡᠷᠭᠡ ᠰᠠᠨᠠᠯ ᠵᠦᠪᠯᠡᠯᠭᠡ ᠶᠢ ᠲᠡᠪᠰᠢᠭᠦᠯᠵᠡᠢ᠃
原文 没有原文
出自 内蒙古社会科学(蒙文版) 2001年 第3期

联系我们


内蒙古大学图书馆
呼和浩特市大学西路235号
中国·内蒙古
P: (0471) 4992561
E: huangfeilong@imu.edu.cn