题名 |
Au/MnOx ᠲᠦᠷᠭᠡᠳᠭᠡᠭᠦᠷ ᠢ ᠭᠠᠷᠭᠠᠨ ᠠᠪᠬᠤ ᠬᠢᠭᠡᠳ ᠲᠡᠭᠦᠨ ᠦ ᠫᠷᠤᠫᠡᠨ ᠢ ᠪᠦᠷᠢᠮᠦᠰᠦᠨ ᠢᠰᠦᠯᠳᠦᠭᠦᠯᠬᠦ ᠲᠦᠷᠭᠡᠳᠭᠡᠬᠦ ᠴᠢᠨᠰᠠᠭ᠎ᠠ ᠶᠢ ᠰᠤᠳᠤᠯᠬᠤ ᠨᠢ |
作者 |
ᠰᠠᠷᠠᠭᠤᠯ; ᠠᠭᠤᠯᠠ; ᠵᠤᠷᠢᠭᠲᠤ; ᠪᠤᠤ ᠰᠠᠷᠠᠨ᠎ᠠ |
关键词 |
Au/MnOx ᠲᠦᠷᠭᠡᠳᠭᠡᠭᠦᠷ; ᠫᠷᠤᠫᠡᠨ ᠢ ᠢᠰᠦᠯᠳᠦᠭᠦᠯᠬᠦ; ᠠᠯᠲᠠ ᠠᠴᠢᠶᠠᠯᠠᠭᠰᠠᠨ ᠬᠡᠮᠵᠢᠶ᠎ᠡ |
摘要 |
ᠲᠤᠭᠲᠠᠰᠤᠵᠢᠭᠤᠯᠬᠤ ᠠᠷᠭ᠎ᠠ ᠪᠠᠷ ᠠᠳᠠᠯᠢ ᠪᠤᠰᠤ ᠬᠡᠮᠵᠢᠶᠡᠨ ᠦ ᠠᠯᠲᠠ ᠠᠴᠢᠶᠠᠯᠠᠭᠰᠠᠨ ᠮᠧᠽᠤ᠋ ᠰᠦᠪᠡᠲᠦ Au/MnOx ᠲᠦᠷᠭᠡᠳᠭᠡᠭᠦᠷ ᠢ ᠭᠠᠷᠭᠠᠨ ᠠᠪᠴᠠᠢ᠃ XRD᠋ ᠶᠢᠨ ᠵᠠᠳᠠᠯᠤᠯᠲᠠ ᠪᠠᠷ ᠲᠦᠷᠭᠡᠳᠭᠡᠭᠦᠷ ᠦᠨ ᠪᠦᠷᠢᠯᠳᠦᠭᠦᠨ ᠢ ᠮᠠᠭᠠᠳᠯᠠᠵᠤ᠂ N2᠋ ᠤᠨ ᠰᠤᠷᠤᠨᠠᠭᠤᠯᠤᠯᠲᠠ — ᠰᠤᠷᠤᠨᠠᠭᠤᠯᠤᠯ ᠦᠭᠡᠶᠢᠳᠡᠭᠦᠯᠬᠦ ᠪᠡᠷ ᠳᠠᠮᠵᠢᠨ᠂ Au/MnOx᠋ ᠤᠨ ᠭᠠᠳᠠᠷᠭᠤᠨ ᠲᠠᠯᠠᠪᠠᠢ ᠪᠠ ᠰᠦᠪᠡ ᠬᠡᠮ ᠦᠨ ᠲᠠᠷᠬᠠᠯᠲᠠ ᠶᠢ ᠬᠡᠮᠵᠢᠵᠦ᠂ H2-TPR ᠮᠡᠷᠭᠡᠵᠢᠯ ᠢᠶᠡᠷ Au/MnOx᠋ ᠤᠨ ᠠᠩᠭᠢᠵᠢᠷᠠᠭᠤᠯᠬᠤ ᠴᠢᠳᠠᠪᠤᠷᠢ ᠶᠢ ᠪᠠᠢᠴᠠᠭᠠᠪᠠ᠃ XPS ᠬᠡᠮᠵᠢᠯᠲᠡ ᠪᠡᠷ ᠠᠯᠲᠠᠨ ᠤ ᠸᠠᠯᠧᠨ᠋ᠲ ᠪᠠ ᠲᠦᠷᠭᠡᠳᠭᠡᠭᠦᠷ ᠦᠨ ᠲᠦᠷᠭᠡᠳᠭᠡᠬᠦ ᠴᠢᠨᠰᠠᠭ᠎ᠠ ᠶᠢᠨ ᠬᠤᠭᠤᠷᠤᠨᠳᠤᠬᠢ ᠬᠠᠷᠢᠴᠠᠭ᠎ᠠ ᠶᠢ ᠰᠦᠪᠡᠭᠴᠢᠯᠡᠨ᠂ ᠫᠷᠤᠫᠠᠨ ᠢ ᠪᠦᠷᠢᠮᠦᠰᠦᠨ ᠢᠰᠦᠯᠳᠦᠭᠦᠯᠬᠦ ᠤᠷᠪᠠᠯ ᠳᠠᠬᠢ ᠲᠦᠷᠭᠡᠳᠭᠡᠬᠦ ᠴᠢᠨᠰᠠᠭ᠎ᠠ ᠶᠢ ᠰᠤᠳᠤᠯᠪᠠ᠃ ᠲᠤᠷᠰᠢᠯᠲᠠ ᠶᠢᠨ ᠦᠷ᠎ᠡ ᠳ᠋ᠦᠩ ᠡᠴᠡ ᠮᠡᠳᠡᠬᠦ ᠨᠢ᠄ 3%᠋ ᠶᠢᠨ Au/MnOx ᠲᠦᠷᠭᠡᠳᠭᠡᠭᠦᠷ ᠫᠷᠤᠫᠠᠨ ᠢ ᠪᠦᠷᠢᠮᠦᠰᠦᠨ ᠢᠰᠦᠯᠳᠦᠭᠦᠯᠬᠦ ᠤᠷᠪᠠᠯ ᠤᠨ ᠲᠦᠷᠭᠡᠳᠭᠡᠬᠦ ᠰᠢᠨᠵᠢ ᠴᠢᠨᠠᠷ ᠨᠢ ᠬᠠᠮᠤᠭ ᠤᠨ ᠰᠠᠢᠨ ᠪᠠᠢᠵᠤ᠂ 100℃᠋ ᠤᠨ ᠳᠤᠯᠠᠭᠠᠨ ᠳᠤ ᠡᠬᠢᠯᠡᠨ ᠤᠷᠪᠠᠯᠳᠤᠵᠤ᠂ 250℃᠋᠋ ᠤᠨ ᠳᠤᠯᠠᠭᠠᠨ ᠳᠤ ᠪᠦᠷᠢᠮᠦᠰᠦᠨ ᠢᠰᠦᠯᠳᠦᠨᠡ᠃ ᠲᠦᠷᠭᠡᠳᠭᠡᠭᠦᠷ ᠦᠨ ᠭᠠᠳᠠᠭᠠᠳᠤ ᠳᠠᠬᠢ ᠠᠯᠲᠠᠨ ᠤ ᠪᠠᠢᠷᠢᠰᠢᠯᠲᠠ᠂ ᠠᠯᠲᠠᠨ ᠮᠦᠬᠦᠯᠢᠭ ᠦᠨ ᠶᠡᠬᠡ ᠪᠠᠭ᠎ᠠ ᠵᠢᠴᠢ ᠠᠯᠲᠠᠨ ᠮᠦᠬᠦᠯᠢᠭ ᠦᠨ ᠲᠠᠷᠬᠠᠴᠠ ᠨᠢ ᠲᠦᠷᠭᠡᠳᠭᠡᠬᠦ ᠴᠢᠨᠰᠠᠭ᠎ᠠ ᠶᠢ ᠨᠦᠯᠦᠭᠡᠯᠡᠨ᠎ᠡ᠃ ᠲᠦᠷᠭᠡᠳᠭᠡᠭᠦᠷ ᠦᠨ ᠭᠠᠳᠠᠷᠭᠤ ᠳᠠᠬᠢ Au+ ᠨᠢ ᠲᠦᠷᠭᠡᠳᠭᠡᠭᠦᠷ ᠦᠨ ᠭᠤᠤᠯ ᠢᠳᠡᠪᠬᠢ ᠨᠠᠢᠷᠠᠯᠭ᠎ᠠ ᠪᠤᠯᠤᠨ᠎ᠠ᠃ |
原文 |
没有原文
|
出自 |
内蒙古师范大学学报(自然科学蒙古文版)
2014年
第2期
|