摘要 |
ᠨᠠᠩᠷᠤᠪ ᠪᠡᠷ《ᠤᠳᠬ᠎ᠠ ᠵᠤᠬᠢᠶᠠᠬᠤ ᠠᠷᠭ᠎ᠠ》ᠬᠡᠬᠦ ᠦᠭᠦᠯᠡᠯ ᠳᠡᠬᠡᠨ ᠳᠡᠯᠭᠡᠷ ᠤᠳᠬ᠎ᠠ ᠶᠢᠨ ᠤᠳᠬ᠎ᠠ ᠵᠤᠬᠢᠶᠠᠯ ᠢ ᠳᠡᠮᠳᠡᠭᠯᠡᠯ᠂ ᠦᠭᠦᠯᠡᠯ᠂ ᠰᠢᠭᠦᠮᠵᠢᠯᠡᠯ ᠬᠡᠭᠦᠴᠢᠯᠠᠨ ᠭᠤᠷᠪᠠᠨ ᠲᠤᠮᠤ ᠳᠢᠩ ᠲᠦᠷᠦᠯ ᠳᠤ ᠬᠤᠪᠢᠶᠠᠵᠤ᠂ ᠪᠠᠶᠠᠯᠢᠭᠵᠢᠱᠢᠶ ᠠ᠂ ᠨᠢᠮᠪᠠᠢ ᠦᠵᠡᠯᠳᠡ᠂ ᠨᠠᠷᠢᠨ ᠵᠠᠳᠠᠯᠤᠯᠲᠠ ᠪᠡᠷ ᠳᠡᠳᠡᠭᠡᠷ ᠤᠨ ᠤᠬᠠᠭᠳᠠᠬᠤᠨ᠂ ᠤᠨᠴᠠᠯᠢᠭ᠂ᠠᠢ᠂ ᠵᠤᠷᠢᠶ ᠠ ᠶᠢ ᠳᠤᠲᠤᠷᠬᠠᠢ᠌ᠯᠠᠭᠰᠠᠨ ᠪᠠᠢ᠌ᠨ᠎ᠠ᠃ ᠡᠨᠳᠡ 《ᠤᠳᠬ᠎ᠠ ᠵᠤᠬᠢᠶᠠᠬᠤ ᠠᠷᠭ᠎ᠠ》ᠶ᠋ᠢ ᠴᠠᠭ ᠤᠷᠴᠢᠨ ᠂ ᠤᠨᠤᠯ ᠶᠤᠰᠤᠨ ᠪᠤᠯᠤᠨ ᠤᠷᠠᠯᠢᠭ ᠤᠨ ᠵᠢᠮ ᠠ ᠬᠠᠤᠯᠢ ᠶᠢᠨ ᠦᠨᠳᠦᠰᠦᠨ ᠪᠠᠷᠢᠮᠵᠢᠶ ᠠ ᠪᠡᠷ ᠳᠠᠬᠢᠨ ᠲᠤᠩᠭ᠋ᠠᠨ ᠰᠢᠨᠵᠢᠯᠡᠵᠦ᠂ᠮᠣᠩᠭᠣᠯ ᠤᠨᠤᠯ ᠦᠭᠦᠯᠡᠬᠦᠢ ᠶᠢᠨ ᠬᠦᠭ᠍ᠵᠢᠯ ᠤᠨ ᠳᠡᠦᠬᠡᠨ ᠳᠡᠬᠢ ᠲᠤᠪᠤᠢ᠌ᠮ ᠠ ᠵᠢᠳᠭᠦᠯ᠂ ᠪᠠᠢ᠌ᠷᠢ ᠰᠠᠭᠤᠷᠢ᠂ ᠨᠦᠯᠦᠭᠡ ᠦᠢᠯᠡᠳᠦᠯ ᠢ ᠨᠢ ᠲᠤᠳᠤᠷᠠᠭᠤᠯᠤᠨ ᠨᠤᠳᠠᠯᠠᠬᠤ ᠶᠢ ᠬᠢᠴᠢᠶᠡᠵᠠᠢ᠃ |