题名 |
ᠮᠣᠩᠭᠤᠯ ᠤᠨ ᠨᠡᠭᠦᠳᠡᠯ ᠦᠨ ᠠᠵᠤ ᠠᠬᠤᠢ ᠰᠤᠳᠤᠯᠤᠯ ᠳᠤ ᠦᠵᠡᠭᠦᠯᠦᠭᠰᠡᠨ ᠲᠤ᠋ ᠸᠠᠩ ᠤᠨ ᠬᠤᠪᠢ ᠨᠡᠮᠡᠷᠢ |
作者 |
ᠪᠤᠤ ᠢᠦᠢ ᠱᠠᠨ |
关键词 |
ᠡᠶ᠎ᠡ ᠡᠪ; ᠶᠤᠰᠤ ᠵᠢᠷᠦᠮ; ᠦᠢᠯᠡᠳᠪᠦᠷᠢ; ᠠᠵᠤ ᠲᠦᠷᠦᠬᠦ; ᠲᠦᠷᠦ ᠳᠦ ᠲᠦᠯ ᠪᠤᠯᠬᠤ |
摘要 |
ᠲᠤ᠋ ᠸᠠᠩ ᠤᠨ 《ᠠᠵᠤ ᠲᠦᠷᠦᠬᠦ ᠶᠢ ᠵᠢᠭᠠᠭᠰᠠᠨ ᠰᠤᠷᠭᠠᠯ》 ᠪᠤᠯ ᠮᠣᠩᠭᠤᠯ ᠤᠨ ᠨᠡᠭᠦᠳᠡᠯ ᠦᠨ ᠠᠵᠤ ᠠᠬᠤᠢ ᠰᠤᠳᠤᠯᠤᠯ ᠤᠨ ᠲᠡᠦᠬᠡᠨ ᠳᠦ ᠤᠲᠤᠭᠲᠠᠨᠠ ᠣᠯᠳᠠᠭᠰᠠᠨ ᠬᠠᠮᠤᠭ ᠤᠨ ᠠᠩᠬᠠᠨ ᠤ ᠮᠣᠩᠭᠤᠯ ᠬᠡᠯᠡᠨ ᠦ ᠪᠦᠲᠦᠭᠡᠯ ᠪᠤᠯᠬᠤ ᠶᠤᠮ᠃ ᠲᠤ᠋ ᠸᠠᠩ ᠪᠠᠷ 《ᠡᠶ᠎ᠡ ᠡᠪ》᠂ 《ᠶᠤᠰᠤ ᠵᠢᠷᠦᠮ》 ᠪᠠ 《ᠠᠵᠤ ᠲᠦᠷᠦᠬᠦ》᠂ 《ᠦᠢᠯᠡᠳᠪᠦᠷᠢ》 ᠬᠡᠮᠡᠬᠦ ᠳᠦᠷᠪᠡᠨ ᠭᠤᠤᠯ ᠤᠬᠠᠭᠳᠠᠬᠤᠨ ᠢ ᠳᠤᠷᠠᠳᠴᠠᠢ᠃ ᠮᠣᠩᠭᠤᠯ ᠤᠨ ᠨᠡᠢᠭᠡᠮ ᠳᠦ ᠣᠷᠤᠰᠢᠭᠰᠠᠭᠠᠷ ᠢᠷᠡᠭᠰᠡᠨ ᠠᠵᠤ ᠲᠦᠷᠦᠬᠦ ᠠᠷᠭ᠎ᠠ ᠤᠬᠠᠭᠠᠨ ᠤ ᠠᠯᠪᠠᠨ ᠶᠤᠰᠤᠨ ᠤ ᠪᠠᠢᠭᠤᠯᠤᠯ ᠪᠤᠯᠭᠠᠵᠤ ᠳᠦᠷᠢᠮᠵᠢᠭᠦᠯᠦᠨ ᠬᠡᠷᠡᠭᠵᠢᠭᠦᠯᠵᠡᠢ᠃ ᠠᠵᠤ ᠲᠦᠷᠦᠬᠦ ᠪᠦᠬᠦ ᠶᠠᠪᠤᠴᠠ ᠶᠢ ᠬᠦᠮᠦᠨ ᠦ ᠬᠤᠭᠤᠷᠤᠨᠳᠤᠬᠢ ᠬᠠᠷᠢᠴᠠᠭᠠᠨ ᠤ ᠵᠠᠩᠭᠢᠶᠠᠰᠤ ᠪᠠ ᠵᠤᠷᠢᠯᠲᠠ ᠪᠤᠯᠬᠤ 《ᠶᠤᠰᠤ ᠵᠢᠷᠦᠮ᠂ ᠡᠶ᠎ᠡ ᠡᠪ》᠂ ᠪᠤᠳᠠᠰ ᠤᠨ ᠨᠦᠬᠦᠨ ᠦᠢᠯᠡᠳᠪᠦᠷᠢᠯᠡᠯ ᠦᠨ ᠠᠵᠢᠯᠯᠠᠭ᠎ᠠ ᠪᠤᠯᠬᠤ 《ᠦᠢᠯᠡᠳᠪᠦᠷᠢ》 ᠪᠡ ᠬᠦᠮᠦᠨ ᠠᠮᠠ ᠶᠢᠨ ᠨᠦᠬᠦᠨ ᠦᠢᠯᠡᠳᠪᠦᠷᠢᠯᠡᠯ ᠦᠨ ᠬᠡᠯᠪᠡᠷᠢ ᠪᠤᠯᠬᠤ 《ᠲᠦᠷᠦ ᠳᠦ ᠲᠦᠯ ᠪᠤᠯᠬᠤ》 ᠡᠨᠡ ᠭᠤᠷᠪᠠ ᠶᠢᠨ ᠨᠡᠢᠯᠡᠪᠦᠷᠢ ᠪᠤᠯᠭᠠᠨ ᠦᠵᠡᠵᠡᠢ᠃ ᠡᠨᠡ ᠨᠢ ᠲᠤ᠋ ᠸᠠᠩ ᠤᠨ ᠮᠣᠩᠭᠤᠯ ᠤᠨ ᠨᠡᠭᠦᠳᠡᠯ ᠦᠨ ᠠᠵᠤ ᠠᠬᠤᠢ ᠰᠤᠳᠤᠯᠤᠯ ᠳᠤ ᠭᠠᠷᠭᠠᠭᠰᠠᠨ ᠨᠢᠭᠡ ᠶᠡᠬᠡ ᠵᠢᠳᠭᠦᠯ ᠪᠤᠯᠬᠤ ᠶᠤᠮ᠃ |
原文 |
查看原文
|
出自 |
中国蒙古学
2015年
第5期
|