题名 |
ᠰᠠᠢᠴᠤᠩᠭᠠ ᠶᠢᠨ ᠶᠠᠫᠤᠨ ᠳᠤ ᠰᠤᠷᠤᠯᠴᠠᠵᠤ ᠪᠠᠢᠭᠰᠠᠨ ᠬᠤᠭᠤᠴᠠᠭᠠᠨ ᠳᠤ ᠪᠢᠴᠢᠭᠰᠡᠨ ᠰᠢᠯᠦᠭ ᠦᠨ ᠲᠧᠺᠰᠲ᠋ ᠦᠨ ᠬᠠᠷᠢᠴᠠᠭᠤᠯᠤᠯ |
作者 |
ᠨᠠᠬᠢᠶ᠎ᠠ |
关键词 |
ᠰᠠᠢ᠌ᠴᠤᠩᠭ᠋᠎ᠠ; ᠶᠠᠫᠤᠨ ᠳᠤ ᠰᠤᠷᠤᠯᠴᠠᠵᠤ ᠪᠠᠢᠭᠰᠠᠨ ᠬᠤᠭᠤᠴᠠᠭ᠎ᠠ; ᠲᠧᠺᠰᠲ᠋ ᠦᠨ ᠬᠠᠷᠢᠴᠠᠭᠤᠯᠤᠯ |
摘要 |
ᠰᠠᠢ᠌ᠴᠤᠩᠭ᠋᠎ᠠ ᠶᠠᠫᠤᠨ ᠳᠤ ᠰᠤᠷᠤᠯᠴᠠᠵᠤ ᠪᠠᠢ᠌ᠭᠰᠠᠨ ᠬᠤᠭᠤᠴᠠᠭᠠᠨ (1937 — 1942)᠋ ᠳᠤ ᠪᠠᠨ 《ᠬᠦᠬᠡ ᠲᠤᠭ》 ᠰᠤᠨᠢᠨ᠂ 《ᠰᠢᠨ᠎ᠡ ᠮᠣᠩᠭ᠋ᠤᠯ》 ᠰᠡᠳᠭᠦᠯ ᠵᠡᠷᠭᠡ ᠰᠤᠨᠢᠨ ᠰᠡᠳᠭᠦᠯ ᠳᠦ ᠰᠢᠯᠦᠭ ᠵᠤᠬᠢᠶᠠᠯ ᠢᠶᠠᠨ ᠨᠡᠢ᠌ᠲᠡᠯᠡᠭᠦᠯᠵᠦ ᠪᠠᠢ᠋ᠭᠰᠠᠨ ᠪᠦᠭᠡᠳ ᠡᠳᠡᠭᠡᠷ ᠰᠢᠯᠦᠭ ᠢᠶᠡᠨ ᠲᠤᠰᠤᠨ ᠪᠠᠷ ᠤᠨ 《ᠰᠡᠳᠬᠢᠯ ᠦᠨ ᠬᠠᠨᠢ》(1941)᠂ ᠬᠤᠷᠭᠤᠯᠵᠢᠨ ᠪᠠᠷ ᠤᠨ 《ᠰᠡᠳᠬᠢᠯ ᠤᠨ ᠬᠠᠨᠢ》 (1942) ᠲᠡᠭᠦᠪᠦᠷᠢ ᠳᠦ ᠪᠡᠨ ᠰᠤᠩᠭ᠋ᠤᠨ ᠬᠡᠪᠯᠡᠭᠦᠯᠪᠡ᠃ 1999 ᠣᠨ ᠳᠤ ᠂ 《ᠨᠠ · ᠰᠠᠢ᠌ᠨᠴᠤᠭᠲᠤ ᠶᠢᠨ ᠪᠦᠷᠢᠨ ᠵᠤᠬᠢᠶᠠᠯ》 ᠬᠡᠪᠯᠡᠭᠳᠡᠭᠡᠳ ᠡᠳᠡᠭᠡᠷ ᠰᠢᠯᠦᠭ ᠢ ᠳᠠᠬᠢᠨ ᠲᠡᠭᠦᠪᠦᠷᠢᠯᠡᠭᠰᠡᠨ ᠪᠢᠯᠡ᠃ ᠲᠤᠰ ᠦᠭᠦᠯᠡᠯ ᠳᠦ ᠂ ᠭᠤᠤᠯᠳᠠᠭᠤ ᠳᠡᠭᠡᠷᠡᠬᠢ ᠰᠢᠯᠦᠭ ᠦᠳ ᠦᠨ ᠠᠳᠠᠯᠢ ᠪᠤᠰᠤ ᠲᠧᠺᠰᠲ᠋ ᠦᠨ ᠬᠠᠷᠢᠴᠠᠭᠤᠯᠤᠯ ᠢᠶᠠᠷ ᠳᠠᠮᠵᠢᠭᠤᠯᠤᠨ᠂ ᠬᠠᠭᠠᠰ ᠵᠠᠭᠤᠨ ᠤ ᠲᠤᠷᠰᠢ ᠰᠠᠢ᠌ᠴᠤᠩᠭ᠋᠎ᠠ ᠶᠢᠨ ᠰᠢᠯᠦᠭ ᠪᠦᠲᠦᠭᠡᠯ ᠨᠢ ᠬᠡᠷᠬᠢᠨ ᠬᠠᠳᠠᠭᠠᠯᠠᠭᠳᠠᠨ ᠤᠯᠠᠮᠵᠢᠯᠠᠭᠳᠠᠭᠰᠠᠨ ᠪᠤᠢ ᠭᠡᠬᠦ ᠠᠰᠠᠭᠤᠳᠠᠯ ᠢ ᠰᠢᠨᠵᠢᠯᠡᠬᠦ ᠪᠤᠯᠤᠨ᠎ᠠ᠃ |
原文 |
没有原文
|
出自 |
内蒙古大学学报
2014年
第5期
|