摘要 |
ᠮᠠᠨᠵᠤ ᠮᠣᠩ᠌ᠭᠤᠯ ᠤᠨ ᠤᠷᠤᠭ ᠤᠨ ᠬᠤᠯᠪᠤᠭ᠎ᠠ ᠨᠢ ᠪᠠᠷᠤᠭ 300 ᠵᠢᠯ ᠦᠷᠭᠦᠯᠵᠢᠯᠡᠵᠦ ᠬᠠᠮᠤᠭ ᠠᠷᠪᠢᠨ ᠳᠠᠭᠠᠨ 581 ᠤᠳᠠᠭ᠎ᠠ ᠳᠤ ᠬᠦᠷᠦᠭᠰᠡᠨ ᠪᠠᠢ᠌ᠨ᠎ᠠ᠃ ᠮᠠᠨᠵᠤ ᠶᠢᠨ ᠨᠠᠶᠠᠷᠬᠠᠯ ᠪᠤᠭᠤᠮᠲᠠ ᠳᠤ ᠣᠷᠤᠬᠤ ᠠᠴᠠ ᠡᠮᠦᠨᠡᠬᠢ ᠤᠷᠤᠭ ᠤᠨ ᠬᠠᠷᠢᠴᠠᠭ᠎ᠠ ᠨᠢ ᠭᠤᠤᠯᠳᠠᠭᠤ ᠬᠤᠷᠴᠢᠨ᠂ ᠦᠪᠦᠷ ᠲᠠᠪᠤᠨ ᠬᠠᠯᠬ᠎ᠠ ᠵᠡᠷᠭᠡ ᠮᠠᠨᠵᠤ ᠭᠦᠷᠦᠨ ᠯᠦᠭᠡ ᠬᠦᠷᠰᠢ ᠠᠢ᠌ᠮᠠᠭ ᠢᠶᠠᠷ ᠭᠤᠤᠯᠯᠠᠵᠤ ᠪᠠᠢ᠌ᠭᠰᠠᠨ ᠶᠤᠮ᠃ 《1612 ᠣᠨ ᠳᠤ ᠬᠤᠷᠴᠢᠨ ᠤ ᠮᠢᠩ᠋ᠭᠠᠨ ᠳᠠᠢ᠌ᠵᠢ ᠶᠢᠨ ᠥᠬᠢᠨ ᠢ ᠨᠤᠷᠠᠭᠴᠢ ᠪᠠᠭ᠎ᠠ ᠬᠠᠲᠤᠨ ᠢᠶᠠᠨ ᠪᠤᠯᠭᠠᠪᠠ᠃ 1614 ᠣᠨ ᠳᠤ ᠦᠪᠦᠷ ᠬᠠᠯᠬ᠎ᠠ ᠶᠢᠨ ᠵᠠᠷᠤᠳ ᠠᠢ᠌ᠮᠠᠭ ᠤᠨ ᠨᠠᠢ᠌ᠵᠢ ᠬᠠᠨ ᠦᠪᠡᠷ ᠦᠨ ᠥᠬᠢᠨ ᠳᠡᠭᠦᠦ ᠪᠡᠨ ᠨᠤᠷᠠᠭᠴᠢ ᠶᠢᠨ ᠲᠠᠪᠤᠳᠤᠭᠠᠷ ᠬᠦᠪᠡᠭᠦᠨ ᠮᠠᠩ᠋ᠭᠤᠯᠲᠠᠢ ᠳᠤ ᠬᠠᠲᠤᠨ ᠪᠤᠯᠭᠠᠨ ᠦᠭᠴᠡᠢ᠁》᠃ ᠣᠩᠨᠢᠭᠤᠳ ᠠᠢ᠌ᠮᠠᠭ ᠪᠤᠯᠤᠨ ᠴᠢᠩ ᠤᠯᠤᠰ ᠤᠨ ᠤᠷᠤᠭ ᠤᠨ ᠬᠠᠷᠢᠴᠠᠭ᠎ᠠ ᠨᠢ ᠭᠤᠤᠯᠳᠠᠭᠤ ᠮᠠᠨᠵᠤ ᠦᠨᠳᠦᠰᠦᠲᠡᠨ ᠪᠤᠭᠤᠮᠲᠠ ᠳᠤ ᠣᠷᠤᠬᠤ ᠠᠴᠠ ᠡᠮᠦᠨ᠎ᠡ ᠡᠬᠢᠯᠡᠭᠰᠡᠨ ᠴᠦ ᠪᠤᠭᠤᠮᠲᠠ ᠳᠤ ᠣᠷᠤᠭᠰᠠᠨ ᠤ ᠳᠠᠷᠠᠭ᠎ᠠ ᠤᠯᠠᠮ ᠤᠯᠠᠰᠢᠷᠠᠵᠠᠢ᠃ |