摘要 |
《ᠶᠠᠮᠤᠲᠤ ᠬᠦᠮᠦᠨ》 ᠪᠤᠯ ᠦᠪᠡᠷᠰᠡᠳ ᠦᠨ ᠭᠠᠪᠢᠶ᠎ᠠ ᠵᠢᠳᠭᠦᠯ ᠦᠨ ᠢᠶᠡᠨ ᠬᠠᠷᠢᠭᠤ ᠳᠤ ᠴᠢᠩᠭᠢᠰ ᠬᠠᠭᠠᠨ ᠤ ᠲᠦᠷᠦ ᠶᠢᠨ ᠶᠠᠮᠤ ᠬᠡᠰᠡᠭ ᠢ ᠲᠤᠭᠲᠠᠭᠰᠠᠨ ᠶᠤᠰᠤ ᠭᠤᠷᠢᠮ ᠢᠶᠠᠷ ᠬᠦᠷᠲᠡᠬᠦ ᠪᠤᠯᠤᠭᠰᠠᠨ ᠬᠠᠤᠯᠢ ᠠᠴᠠ ᠭᠠᠳᠠᠭᠤᠷᠬᠢ ᠣᠨᠴᠠ ᠡᠷᠬᠡ ᠲᠡᠢ ᠠᠯᠲᠠᠨ ᠤᠷᠤᠭ ᠤᠨ ᠪᠤᠰᠤ ᠢᠵᠠᠭᠤᠷᠲᠠᠨ ᠪᠤᠯᠤᠨ᠎ᠠ᠃ ᠮᠣᠩᠭ᠋ᠤᠯ ᠤᠨ ᠨᠡᠢ᠌ᠭᠡᠮ ᠹᠧᠤᠳᠠᠯᠵᠢᠬᠤ ᠶᠢ ᠳᠠᠭᠠᠯᠳᠤᠨ ᠲᠡᠲᠡᠨ ᠦ ᠣᠨᠴᠠ ᠡᠷᠬᠡ ᠵᠠᠯᠭᠠᠮᠵᠢ ᠶᠢᠨ ᠴᠢᠨᠠᠷ ᠲᠠᠢ ᠪᠤᠯᠤᠭᠰᠠᠨ ᠪᠦᠭᠡᠳ ᠶᠠᠪᠤᠭ᠎ᠠ ᠶᠠᠪᠤᠭᠠᠨ ᠳᠠᠭᠠᠨ ᠤᠯᠠᠮ ᠰᠠᠮᠠᠭᠤᠷᠠᠭᠠᠳ ᠨᠡᠢ᠌ᠭᠡᠮ ᠦᠨ ᠬᠦᠨᠳᠦ ᠳᠠᠷᠤᠭᠠᠰᠤ ᠪᠤᠯᠵᠤ ᠲᠡᠦᠬᠡ ᠶᠢᠨ ᠬᠦᠭ᠍ᠵᠢᠯᠲᠡ ᠶᠢ ᠬᠤᠢ᠌ᠰᠢ ᠲᠠᠲᠠᠭᠰᠠᠨ ᠪᠠᠢ᠌ᠨ᠎ᠠ᠃ ᠰᠡᠭᠦᠯᠡᠷ ᠨᠢ ᠴᠢᠩ ᠤᠯᠤᠰ 《ᠶᠠᠮᠤᠲᠤ ᠬᠦᠮᠦᠨ》᠋ ᠦ ᠣᠨᠴᠠ ᠡᠷᠬᠡ ᠶᠢ ᠵᠦᠪᠰᠢᠶᠡᠷᠡᠬᠦ ᠦᠭᠡᠢ ᠪᠤᠯᠤᠭᠰᠠᠨ ᠠᠴᠠ ᠰᠠᠶᠢ ᠲᠡᠳᠡᠨ ᠦ ᠲᠤᠭᠯᠠᠭᠰᠠᠨ ᠲᠡᠦᠬᠡ ᠶᠢᠨ ᠵᠦᠴᠦᠭᠡ ᠴᠦ ᠬᠦᠰᠢᠭᠡ ᠪᠡᠨ ᠲᠠᠲᠠᠵᠤ ᠡᠬᠢᠯᠡᠭᠰᠡᠨ ᠪᠠᠢ᠌ᠨ᠎ᠠ᠃ |