摘要 |
ᠬᠠᠷᠢ ᠬᠡᠯᠡᠨ ᠦ ᠦᠭᠡ ᠶᠢ ᠤᠳᠬᠠᠴᠢᠯᠠᠨ ᠣᠷᠴᠢᠭᠤᠯᠵᠤ ᠠᠪᠬᠤ ᠪᠤᠯ ᠨᠡᠷ᠎ᠡ ᠲᠤᠮᠢᠶ᠎ᠠ ᠵᠤᠬᠢᠶᠠᠬᠤ ᠴᠢᠬᠤᠯᠠ ᠠᠷᠭ᠎ᠠ ᠵᠠᠮ ᠤᠨ ᠨᠢᠭᠡ ᠨᠢ ᠪᠤᠯᠵᠤ ᠪᠠᠢ᠌ᠳᠠᠭ᠃ ᠭᠡᠬᠦ ᠳᠡᠭᠡᠨ᠂ ᠤᠳᠬᠠᠴᠢᠯᠠᠨ ᠣᠷᠴᠢᠭᠤᠯᠵᠤ ᠠᠪᠬᠤ ᠳᠠᠭᠠᠨ ᠠᠯᠢ ᠬᠡᠯᠡᠨ ᠡᠴᠡ ᠶᠠᠭᠠᠬᠢᠵᠤ ᠠᠪᠤᠨ᠎ᠠ ᠭᠡᠭ᠍ᠴᠢ ᠨᠢ ᠮᠦᠨ ᠴᠦ ᠨᠢᠭᠡ ᠬᠦᠴᠢᠷ ᠰᠡᠳᠦᠪ ᠪᠤᠯᠤᠨ᠎ᠠ᠃ ᠲᠤᠰ ᠦᠭᠦᠯᠡᠯ ᠳᠦ ᠂ ᠨᠡᠷ᠎ᠡ ᠲᠤᠮᠢᠶ᠎ᠠ ᠶᠢ ᠤᠳᠬᠠᠴᠢᠯᠠᠨ ᠣᠷᠴᠢᠭᠤᠯᠬᠤ ᠠᠪᠬᠤ ᠳᠠᠭᠠᠨ᠂ ᠳᠡᠯᠡᠬᠡᠢ ᠶᠢᠨ ᠣᠯᠠᠨ ᠬᠡᠯᠡᠳ ᠢ ᠵᠡᠷᠭᠡᠴᠡᠭᠦᠯᠦᠨ ᠦᠵᠡᠵᠦ᠂ ᠲᠡᠭᠦᠨ ᠦ ᠳᠤᠮᠳᠠ ᠠᠴᠠ ᠲᠤᠬᠢᠷᠠᠮᠵᠢᠲᠠᠢ ᠵᠤᠢ᠌ᠯ ᠢ ᠰᠢᠭᠤᠳ ᠰᠤᠩ᠋ᠭᠤᠨ ᠠᠪᠬᠤ ᠨᠢ ᠮᠠᠨ ᠤ ᠨᠡᠷ᠎ᠡ ᠲᠤᠮᠢᠶᠠᠨ ᠤ ᠳᠦᠷᠢᠮᠵᠢᠯ ᠳᠦ ᠠᠰᠢᠭᠲᠠᠢ ᠭᠡᠵᠦ ᠦᠵᠡᠭᠡᠳ ᠠᠩᠭ᠍ᠯᠢ᠂ ᠮᠣᠩ᠋ᠭᠤᠯ ᠬᠤᠶᠠᠷ ᠬᠡᠯᠡᠨ ᠦ ᠵᠠᠷᠢᠮ ᠲᠤᠬᠢᠷᠠᠯᠴᠠᠭ᠎ᠠ ᠶᠢ ᠵᠠᠳᠠᠯᠤᠨ ᠰᠢᠨᠵᠢᠯᠡᠬᠦ ᠪᠡᠷ ᠳᠠᠮᠵᠢᠭᠤᠯᠵᠤ᠂ ᠡᠨᠡᠬᠦ ᠠᠷᠭ᠎ᠠ ᠵᠠᠮ ᠤᠨ ᠪᠤᠯᠤᠮᠵᠢᠲᠤ ᠴᠢᠨᠠᠷ ᠪᠠ ᠴᠢᠬᠤᠯᠠ ᠴᠢᠨᠠᠷ ᠢ ᠦᠭᠦᠯᠡᠵᠡᠢ᠃ |