题名 |
ᠮᠣᠩᠭᠤᠯ ᠬᠡᠯᠡ ᠪᠡ ᠠᠩᠭ᠍ᠯᠢ ᠬᠡᠯᠡᠨ ᠦ ᠲᠦᠯᠦᠭᠡᠨ ᠦ ᠦᠭᠡ ᠶᠢᠨ ᠬᠡᠯᠪᠡᠷᠢ ᠬᠢᠭᠡᠳ ᠴᠢᠳᠠᠮᠵᠢ ᠶᠢᠨ ᠲᠤᠬᠠᠢ ᠬᠠᠷᠢᠴᠠᠭᠤᠯᠤᠯ |
作者 |
ᠣᠳᠤᠨ |
关键词 |
ᠮᠣᠩ᠋ᠭᠤᠯ ᠬᠡᠯᠡ; ᠠᠩᠭ᠍ᠯᠢ ᠬᠡᠯᠡ; ᠲᠦᠯᠦᠭᠡᠨ ᠦ ᠦᠭᠡ; ᠦᠭᠡ ᠪᠦᠲᠦᠭᠡᠬᠦ ᠠᠷᠭ᠎ᠠ |
摘要 |
ᠮᠣᠩ᠋ᠭᠤᠯ ᠬᠡᠯᠡ ᠪᠤᠯ ᠠᠯᠳᠠᠢ ᠢᠵᠠᠭᠤᠷ ᠬᠡᠯᠡᠨ ᠳᠦ ᠪᠠᠭᠲᠠᠵᠤ᠂ ᠠᠩᠭ᠍ᠯᠢ ᠬᠡᠯᠡ ᠨᠢ ᠡᠨᠡᠳᠬᠡᠭ᠌ ᠡᠸᠦᠷᠦᠫᠡ ᠢᠵᠠᠭᠤᠷ ᠬᠡᠯᠡᠨ ᠳᠦ ᠪᠠᠭᠲᠠᠨ᠎ᠠ᠃ ᠮᠣᠩ᠋ᠭᠤᠯ ᠬᠡᠯᠡ ᠪᠤᠯ ᠵᠠᠯᠭᠠᠮᠠᠯ ᠰᠢᠨᠵᠢᠲᠡᠢ ᠬᠡᠯᠡ᠂ ᠠᠩᠭ᠍ᠯᠢ ᠬᠡᠯᠡ ᠪᠤᠯ ᠵᠠᠳᠠᠯᠤᠭ ᠰᠢᠨᠵᠢᠲᠡᠢ ᠬᠡᠯᠡ᠃ ᠮᠣᠩ᠋ᠭᠤᠯ ᠠᠩᠭ᠍ᠯᠢ ᠬᠡᠯᠡ ᠬᠡᠳᠦᠢ᠌ᠪᠡᠷ ᠬᠤᠶᠠᠷ ᠲᠦᠷᠦᠯ ᠦᠨ ᠢᠵᠠᠭᠤᠷ ᠭᠠᠷᠤᠯ ᠲᠠᠢ ᠬᠡᠯᠡ ᠪᠤᠯᠪᠠᠴᠤ ᠮᠣᠩ᠋ᠭᠤᠯ ᠦᠰᠦᠭ ᠪᠡ ᠠᠩᠭ᠍ᠯᠢ ᠦᠰᠦᠭ ᠪᠤᠯ ᠴᠦᠮ ᠠᠪᠢᠶᠠᠨ ᠤ ᠦᠰᠦᠭ ᠪᠤᠯᠬᠤᠷ ᠠᠪᠢᠶᠠᠴᠢᠯᠠᠨ ᠪᠢᠴᠢᠬᠦ᠂ ᠦᠭᠡ ᠪᠦᠲᠦᠭᠡᠬᠦ ᠠᠷᠭ᠎ᠠ ᠵᠡᠷᠭᠡ ᠠᠪᠢᠶᠠᠨ ᠵᠦᠢ᠂ ᠦᠭᠡ ᠵᠦᠢ ᠪᠤᠯᠤᠨ ᠦᠭᠡᠰ ᠦᠨ ᠰᠠᠩ ᠤᠨ ᠠᠢ ᠳᠤ ᠣᠯᠠᠨ ᠠᠷᠪᠢᠨ ᠠᠳᠠᠯᠢᠪᠲᠤᠷ ᠲᠠᠯ᠎ᠠ ᠪᠠᠢ᠋ᠳᠠᠭ᠃ ᠡᠳᠡᠭᠡᠷ ᠠᠳᠠᠯᠢᠪᠲᠤᠷ ᠲᠠᠯ᠎ᠠ ᠨᠢ ᠠᠩᠭ᠍ᠯᠢ ᠬᠡᠯᠡ ᠰᠤᠷᠬᠤ ᠶᠠᠪᠤᠴᠠ ᠳᠤ ᠢᠳᠡᠪᠬᠢ ᠦᠢᠯᠡᠳᠦᠯ ᠦᠵᠡᠭᠦᠯᠳᠡᠭ᠃ ᠲᠤᠰ ᠦᠭᠦᠯᠡᠯ ᠳᠦ ᠭᠤᠤᠯᠳᠠᠭᠤ ᠵᠢᠭᠠᠬᠤ ᠲᠦᠯᠦᠭᠡᠨ ᠦ ᠦᠭᠡ᠂ ᠪᠡᠶ᠎ᠡ ᠶᠢᠨ ᠲᠦᠯᠦᠭᠡᠨ ᠦ ᠦᠭᠡ᠂ ᠡᠵᠡᠨ ᠪᠡᠶ᠎ᠡ ᠶᠢᠨ ᠲᠦᠯᠦᠭᠡᠨ ᠦ ᠦᠭᠡ ᠪᠡ ᠲᠦᠯᠦᠭᠡᠨ ᠦ ᠦᠭᠡ ᠪᠡᠷ ᠵᠢᠱᠢᠶᠡᠯᠡᠵᠦ᠂ ᠳᠠᠭᠠᠯᠳᠤᠭᠤᠯᠤᠨ ᠦᠭᠡ ᠪᠦᠲᠦᠭᠡᠬᠦ ᠠᠷᠭ᠎ᠠ ᠶᠢᠨ ᠲᠠᠯ᠎ᠠ ᠠᠴᠠ ᠮᠣᠩ᠋ᠭᠤᠯ ᠠᠩᠭ᠍ᠯᠢ ᠬᠤᠶᠠᠷ ᠦᠭᠡ ᠶᠢ ᠠᠳᠠᠯᠢᠳᠬᠠᠬᠤ ᠢᠵᠢᠯᠢ ᠲᠠᠯ᠎ᠠ ᠪᠠ ᠢᠯᠭᠠᠭ᠎ᠠ ᠵᠦᠷᠢᠶ᠎ᠡ ᠶᠢ ᠬᠠᠷᠢᠴᠠᠭᠤᠯᠤᠨ ᠮᠣᠩ᠋ᠭᠤᠯ ᠰᠤᠷᠤᠭᠴᠢᠳ ᠤᠨ ᠠᠩᠭ᠍ᠯᠢ ᠬᠡᠯᠡ ᠰᠤᠷᠬᠤ ᠳᠤ ᠳᠡᠮᠵᠢᠯᠭᠡ ᠪᠤᠯᠵᠤ ᠳᠦᠭᠦᠮ ᠦᠵᠡᠭᠦᠯᠬᠦ ᠶᠢ ᠬᠦᠰᠡᠭᠰᠡᠨ ᠪᠠᠢ᠌ᠨ᠎ᠠ᠃ |
原文 |
查看原文
|
出自 |
中国蒙古学
2014年
第2期
|