Title |
ᠲᠡᠥᠬᠡᠨ ᠲᠡᠮᠳᠡᠭᠯᠡᠯ ᠡᠴᠡ ᠬᠣᠷᠴᠢᠨᠴᠤᠳ ᠤᠨ ᠪᠣᠳ᠋ᠳ᠋ᠾᠨ ᠶᠢᠨ ᠱᠠᠰᠢᠨ ᠤ ᠰᠣᠶᠣᠯ ᠤᠨ ᠣᠷᠤ ᠮᠦᠷ ᠢ ᠬᠠᠢ᠌ᠬᠤ ᠨᠢ |
Creator |
ᠬᠠᠰᠴᠢᠯᠠᠭᠤ |
Keyword |
ᠲᠡᠥᠬᠡᠨ ᠲᠡᠮᠳᠡᠭᠯᠡᠯ; ᠬᠣᠷᠴᠢᠨ; ᠪᠣᠳ᠋ᠳ᠋ᠾᠨ ᠶᠢᠨ ᠱᠠᠰᠢᠨ ᠤ ᠰᠣᠶᠣᠯ; ᠨᠠᠢ᠌ᠴᠢ ᠲᠤᠢ᠌ᠨ ᠬᠣᠳᠣᠭᠲᠤ; ᠰᠦᠮ᠎ᠡ ᠭᠡᠢ᠌ᠳ |
Abstract |
17 ᠳ᠋ᠤᠭᠠᠷ ᠵᠠᠭᠤᠨ ᠤ ᠬᠣᠷᠢᠭᠠᠳ ᠣᠨ ᠡᠴᠡ ᠡᠬᠢᠯᠡᠨ ᠬᠣᠷᠴᠢᠨ ᠳᠤ ᠪᠣᠳ᠋ᠳ᠋ᠾᠨ ᠶᠢᠨ ᠱᠠᠰᠢᠨ ᠤᠯᠠᠮᠵᠢᠯᠠᠵᠤ ᠪᠠᠢ᠌ᠵᠠᠢ ᠭᠡᠵᠦ ᠡᠷᠳᠡᠮᠲᠡᠳ ᠦᠵᠡᠵᠦ ᠪᠣᠢ᠃ ᠬᠣᠷᠴᠢᠨᠴᠤᠳ ᠤᠨ ᠳᠤᠮᠳᠠ ᠪᠣᠳ᠋ᠳ᠋ᠾᠨ ᠶᠢᠨ ᠱᠠᠰᠢᠨ ᠦᠷᠭᠡᠨ ᠢᠶᠡᠷ ᠳᠡᠯᠭᠡᠷᠡᠭᠰᠡᠨ ᠨᠢ 17 ᠳ᠋ᠤᠭᠠᠷ ᠵᠠᠭᠤᠨ ᠤ ᠭᠤᠴᠢᠭᠠᠳ ᠣᠨ ᠤ ᠡᠬᠢᠨ ᠪᠠᠢ᠌ᠵᠤ᠂ ᠨᠡᠢ᠌ᠴᠢ ᠳᠤᠢ᠌ᠨ ᠬᠣᠳᠣᠭᠲᠤ ᠡᠭᠦᠨ ᠳᠥ ᠰᠢ᠌ᠳᠪᠦᠷᠢᠯᠡᠭᠴᠢ ᠦᠢᠯᠡᠳᠦᠯ ᠦᠵᠡᠭᠦᠯᠵᠡᠢ᠃ ᠬᠣᠷᠴᠢᠨ ᠨᠤᠲᠤᠭ ᠲᠤ ᠣᠯᠠᠨ ᠰᠦᠮ᠎ᠡ ᠭᠡᠢ᠌ᠳ ᠪᠠᠢ᠌ᠭᠤᠯᠤᠭᠳᠠᠵᠤ᠂ ᠢᠯᠠᠩᠭ᠋ᠤᠶ᠎ᠠ 1680 ᠣᠨ ᠳᠤ ᠡᠩᠬᠡ ᠠᠮᠤᠭᠤᠯᠠᠩ ᠬᠠᠭᠠᠨ ᠵᠠᠷᠯᠢᠭ ᠪᠠᠭᠤᠯᠭᠠᠨ ᠮᠣᠩᠭᠣᠯ ᠣᠷᠤᠨ ᠳᠤ ᠡᠷᠬᠡᠪᠰᠢ ᠰᠦᠮ᠎ᠡ ᠭᠡᠢ᠌ᠳ ᠪᠠᠢ᠌ᠭᠤᠯᠬᠤ ᠶᠢ ᠱᠠᠭᠠᠷᠲᠠᠵᠤ᠂ ᠬᠤᠰᠢᠭᠤ ᠪᠦᠷᠢ ᠳᠤ 30 ᠬᠤᠸᠠᠷᠠᠭ ᠤᠨ ᠲᠦᠳᠢᠶᠡ ᠣᠯᠭᠤᠭᠰᠠᠨ ᠡᠴᠡ᠂ ᠰᠦᠮ᠎ᠡ ᠭᠡᠢ᠌ᠳ ᠨᠡᠩ ᠣᠯᠠᠰᠢᠷᠠᠨ᠂ ᠯᠠᠮᠠ ᠶᠢᠨ ᠲᠣᠭ᠎ᠠ ᠦᠳᠲᠡᠷ ᠨᠡᠮᠡᠭᠳᠡᠪᠡ᠃ ᠰᠡᠭᠦᠯᠳᠡᠵᠦ ᠢᠷᠡᠭᠡᠳ ᠴᠠᠭ ᠦᠶ᠎ᠡ ᠶᠢᠨ ᠬᠣᠪᠢᠷᠠᠯᠲᠠ ᠪᠠ ᠪᠠᠢ᠌ᠭᠠᠯᠢ ᠶᠢᠨ ᠭᠠᠮᠰᠢᠭ ᠬᠦᠮᠦᠨ ᠦ ᠬᠦᠨᠦᠭᠡᠯ ᠡᠴᠡ ᠪᠣᠯᠵᠤ᠂ ᠣᠯᠠᠩᠬᠢ ᠰᠦᠮ᠎ᠡ ᠨᠢ ᠡᠪᠳᠡᠭᠳᠡᠨ ᠰᠦ᠌ᠳᠴᠦ᠂ ᠦᠯᠡᠳᠡᠵᠦ ᠬᠣᠴᠤᠷᠤᠭᠰᠠᠨ ᠨᠢ ᠠᠷᠠᠢ ᠠᠷᠪᠠ ᠬᠦᠷᠬᠦ ᠦᠭᠡᠢ ᠪᠣᠯᠵᠠᠢ᠃ ᠣᠷᠴᠢᠮ ᠤᠨ ᠵᠢᠯ ᠤᠳ ᠲᠤ᠂ ᠡᠳᠡᠭᠡᠷ ᠡᠪᠳᠡᠷᠬᠡᠢ ᠪᠠᠯᠪᠠᠷᠬᠠᠢ ᠰᠦᠮ᠎ᠡ ᠭᠡᠢ᠌ᠳ ᠨᠠᠮ ᠵᠠᠰᠠᠭ ᠤᠨ ᠰᠠᠢ᠌ᠨ ᠢᠶᠡᠷ ᠰᠡᠷᠭᠦᠭᠡᠭ᠍ᠳᠡᠨ ᠵᠠᠰᠠᠭᠳᠠᠵᠤ ᠰᠢᠨ᠎ᠡ ᠠᠮᠢᠯᠠᠯ ᠢᠶᠡᠨ ᠣᠯᠪᠠ᠃ ᠪᠣᠳ᠋ᠳ᠋ᠾᠨ ᠶᠢᠨ ᠱᠠᠰᠢᠨ ᠤ ᠰᠣᠶᠣᠯ ᠨᠢᠭᠡ ᠵᠦᠢᠯ ᠤᠨ ᠣᠨᠴᠠᠭᠠᠢ ᠰᠣᠶᠣᠯ ᠤᠨ ᠬᠣᠪᠢ ᠳᠤ᠂ ᠣᠯᠠᠨ ᠵᠢᠯ ᠤᠨ ᠲᠣᠷᠰᠢ ᠬᠣᠷᠴᠢᠨᠴᠤᠳ ᠤᠨ ᠣᠯᠠᠮᠵᠢᠯᠠᠯᠲᠤ ᠰᠣᠶᠣᠯ ᠤᠨ ᠬᠦᠭ᠍ᠵᠢᠯᠲᠡ ᠶᠢ ᠨᠦᠯᠦᠭᠡᠯᠡᠭᠰᠡᠭᠡᠷ ᠢᠷᠡᠵᠡᠢ᠃ |
Original Literature |
View Original Paper
|
出自 |
内蒙古民族大学学报(社会科学)
2009年
第4期
|