Paper Information


Title ᠠᠭᠸᠠᠳᠠᠨᠳᠠᠷ ᠤᠨ ᠵᠤᠬᠢᠶᠠᠯ ᠲᠤᠭᠤᠷᠪᠢᠬᠤ ᠦᠵᠡᠯᠲᠡ — 《ᠨᠤᠯᠠᠬᠤᠢ ᠲᠡᠮᠡᠴᠡᠭᠦᠢ ᠲᠤᠭᠤᠷᠪᠢᠬᠤᠢ ᠭᠤᠷᠪᠠ ᠶᠢᠨ ᠲᠡᠢ᠌ᠨ ᠠᠭᠤᠯᠤᠯ ᠰᠠᠢ᠌ᠨ ᠨᠤᠮᠯᠠᠯ ᠤᠨ ᠨᠠᠷᠠᠨ ᠤ ᠭᠡᠷᠡᠯ》᠋ ᠢ ᠤᠩᠰᠢᠭᠰᠠᠨ ᠲᠡᠮᠳᠡᠭᠯᠡᠯ ᠨᠢᠭᠡ
Creator ᠠ‍᠂ ᠡᠷᠳᠡᠨᠢᠪᠠᠶᠠᠷ
Keyword
Abstract ᠡᠨᠡᠳᠬᠡᠭ᠌ ᠲᠦᠪᠡᠳ ᠲᠦ ᠮᠡᠷᠭᠡᠳ ᠦᠨ ᠭᠤᠷᠠᠨ ᠡᠷᠳᠡᠮ ᠬᠡᠮᠡᠭᠳᠡᠭᠰᠡᠨ ᠨᠤᠮᠯᠠᠬᠤᠢ᠂ ᠲᠡᠮᠡᠴᠡᠭᠦᠢ᠂ ᠲᠤᠭᠤᠷᠪᠢᠬᠤᠢ ᠶᠢᠨ ᠲᠤᠬᠠᠢ ᠠᠯᠠᠱᠠᠨ ᠯᠾᠡᠷᠡᠮᠪᠠ ᠠᠭᠸᠠᠩᠳᠠᠨᠳᠠᠷ ᠪᠠᠷ ᠢᠳᠡ ᠲᠠᠯᠪᠢᠵᠤ ᠰᠤᠳᠤᠯᠤᠭᠰᠠᠨ ᠪᠠᠢ᠌ᠳᠠᠭ᠃ ᠲᠤᠰ ᠦᠭᠦᠯᠡᠯ ᠳᠦ ᠦᠭᠦᠯᠡᠭᠴᠢ ᠡᠴᠡ ᠠᠭᠸᠠᠩᠳᠠᠨᠳᠠᠷ ᠤᠨ 《ᠭᠤᠷᠪᠠᠨ ᠡᠷᠳᠡᠮ》ᠰᠤᠳᠤᠯᠤᠭᠰᠠᠨ ᠵᠤᠬᠢᠶᠠᠯ 《ᠰᠠᠢ᠌ᠨ ᠨᠤᠮᠯᠠᠯ ᠤᠨ ᠨᠠᠷᠠᠨ ᠤ ᠭᠡᠷᠡᠯ》᠋ ᠳᠦ ᠠᠬᠤᠭᠤᠯᠤᠭᠳᠠᠭᠰᠠᠨ ᠲᠤᠭᠤᠷᠪᠢᠬᠤ ᠤᠬᠠᠭᠠᠨ ᠳᠤ ᠠᠵᠢᠭᠯᠠᠯᠲᠠ ᠬᠢᠵᠡᠢ᠃ ᠦᠭᠦᠯᠡᠭᠴᠢ ᠶᠢᠨ ᠦᠵᠡᠬᠦ ᠪᠡᠷ ᠤᠤᠯ ᠵᠤᠬᠢᠶᠠᠯ ᠤᠨ ᠲᠤᠭᠤᠷᠪᠢᠬᠤᠢ ᠶᠢᠨ ᠲᠡᠢ᠌ᠨ ᠠᠭᠤᠯᠤᠯ ᠳᠤ ᠶᠠᠷᠢᠭᠰᠠᠨ ᠵᠤᠬᠢᠶᠠᠭᠴᠢ ᠶᠢᠨ ᠡᠷᠳᠡᠮ᠂ ᠱᠠᠰᠲᠢᠷ ᠲᠤᠭᠤᠷᠪᠢᠬᠤᠢ ᠰᠢᠯᠲᠠᠭᠠᠨ᠂ ᠵᠤᠬᠢᠶᠠᠨ ᠦᠢᠯᠡᠳᠬᠦ ᠱᠠᠰᠲᠢᠷ ᠤᠨ ᠢᠯᠭᠠᠯ᠂ ᠱᠠᠰᠲᠢᠷ ᠢ ᠬᠢᠷᠢ ᠮᠡᠲᠦ ᠲᠤᠭᠤᠷᠪᠢᠬᠤᠢ ᠶᠢᠨ ᠶᠤᠰᠤᠨ᠂ ᠰᠠᠢ᠌ᠨ ᠵᠤᠬᠢᠶᠠᠯ ᠤᠨ ᠡᠷᠳᠡᠮ᠂ ᠮᠠᠭᠤ ᠵᠤᠬᠢᠶᠠᠯ ᠤᠨ ᠭᠡᠮ ᠲᠡᠷᠢᠭᠦᠲᠡᠨ ᠨᠢ ᠲᠤᠤᠱ ᠲᠤᠭᠤᠷᠪᠢᠯ ᠪᠡᠶ᠎ᠡ ᠶᠢᠨ ᠦᠨᠳᠦᠰᠦᠨ ᠪᠤᠯᠪᠠᠰᠤᠷᠠᠯ ᠦᠨᠳᠦᠰᠦᠨ ᠨᠦᠬᠦᠴᠡᠯ᠂ ᠵᠤᠬᠢᠶᠠᠯ ᠪᠦᠲᠦᠭᠡᠯ ᠦᠨ ᠪᠤᠢ ᠪᠤᠯᠬᠤ ᠡᠳᠦᠭᠦᠯᠪᠦᠷᠢ᠂ ᠵᠤᠷᠢᠯᠭ᠎ᠠ᠂ ᠦᠨ᠎ᠡ ᠦᠷᠲᠡᠭ᠂ ᠦᠢᠯᠡᠳᠦᠯ᠂ ᠤᠳᠬ᠎ᠠ ᠵᠤᠬᠢᠶᠠᠯ ᠤᠨ ᠲᠦᠷᠦᠯ ᠵᠤᠢ᠌ᠯ ᠪᠠ ᠲᠤᠭᠤᠷᠪᠢᠬᠤ ᠶᠤᠰᠤᠨ ᠵᠢᠴᠢ ᠵᠤᠬᠢᠶᠠᠨ ᠪᠦᠲᠦᠭᠡᠭᠦᠢ ᠶᠢᠨ ᠭᠡᠮ ᠵᠤᠬᠢᠴᠠᠯ ᠬᠢᠡᠳ ᠠᠯᠳᠠᠭ᠎ᠠ ᠰᠤᠭᠤᠭ ᠵᠡᠷᠭᠡ ᠳᠦ ᠲᠤᠯᠳᠤᠢ᠌ᠳᠴᠤ᠂ ᠨᠡᠯᠢᠶᠡᠳ ᠲᠡᠭᠦᠯᠳᠡᠷ ᠵᠤᠬᠢᠶᠠᠯ ᠲᠤᠭᠤᠷᠪᠢᠬᠤ ᠶᠤᠰᠤᠨ ᠢ ᠦᠵᠡᠭᠦᠯᠬᠦ ᠪᠡᠷ ᠣᠷᠤᠯᠳᠤᠵᠠᠢ᠃
Original Literature No Original Paper
出自 内蒙古大学学报 1999年 第3期

联系我们


内蒙古大学图书馆
呼和浩特市大学西路235号
中国·内蒙古
P: (0471) 4992561
E: huangfeilong@imu.edu.cn