Title |
ᠰᠢᠨ᠎ᠡ ᠤᠯᠳᠠᠭᠰᠠᠨ ᠲᠦᠪᠡᠳ ᠮᠠᠨᠵᠤ ᠮᠣᠩᠭᠣᠯ ᠭᠤᠷᠪᠠᠨ ᠵᠦᠢᠯ ᠤᠨ ᠦᠰᠦᠭ ᠬᠠᠪᠰᠤᠷᠭᠠᠭᠰᠠᠨ《ᠠᠷᠪᠠᠨ ᠨᠢ᠌ᠮᠠᠨ ᠬᠡᠷᠡᠭᠳᠦ ᠬᠡᠮᠡᠬᠦ ᠰᠤᠷᠭᠠᠯ》 ᠤᠨ ᠲᠤᠬᠠᠢ |
Creator |
ᠴᠢᠦᠸᠠᠨ ᠷᠦᠩ |
Keyword |
《ᠠᠷᠪᠠᠨ ᠨᠢ᠌ᠮᠠᠨ ᠬᠡᠷᠡᠭᠳᠦ ᠬᠡᠮᠡᠬᠦ ᠰᠤᠷᠭᠠᠯ》; ᠲᠡᠢ᠌ᠴᠢᠩ ᠤᠯᠤᠰ; ᠠᠭᠸᠠᠩᠯᠦᠪᠰᠠᠩᠴᠤᠢ᠌ᠳᠡᠨ |
Abstract |
ᠰᠢᠨ᠎ᠡ ᠤᠯᠳᠠᠭᠰᠠᠨ ᠲᠦᠪᠡᠳ ᠮᠠᠨᠵᠤ ᠮᠣᠩᠭᠣᠯ ᠭᠤᠷᠪᠠᠨ ᠵᠦᠢᠯ ᠤᠨ ᠦᠰᠦᠭ ᠬᠠᠪᠰᠤᠷᠭᠠᠭᠰᠠᠨ《ᠠᠷᠪᠠᠨ ᠨᠢ᠌ᠮᠠᠨ ᠬᠡᠷᠡᠭᠳᠦ ᠬᠡᠮᠡᠬᠦ ᠰᠤᠷᠭᠠᠯ》 ᠪᠤᠯ ᠯᠢᠶᠤᠤᠨᠢᠩ ᠮᠤᠵᠢ ᠶᠢᠨ ᠨᠤᠮ ᠤᠨ ᠰᠠᠩ ᠳᠤ ᠬᠠᠳᠠᠭᠠᠯᠠᠭᠳᠠᠵᠤ ᠪᠠᠢ᠌ᠭ᠎ᠠ ᠦᠰᠦᠨ ᠦᠳᠡᠮᠡᠯ ᠤᠨ ᠮᠤᠳᠤᠨ ᠪᠠᠷ ᠤᠨ ᠨᠤᠮ ᠪᠤᠯᠤᠨ᠎ᠠ᠃ ᠳᠤᠰ ᠨᠤᠮ ᠢ ᠬᠤᠶᠠᠳᠤᠭᠠᠷ ᠲᠦᠷᠢ ᠶᠢᠨ ᠵᠠᠩᠬᠢᠶ ᠠ ᠬᠤᠳᠤᠭᠳᠤ ᠠᠭᠸᠠᠩᠯᠦᠪᠰᠠᠩᠴᠤᠢ᠌ᠳᠡᠨ ᠲᠦᠪᠡᠳ ᠬᠡᠯᠡ ᠪᠠᠷ ᠵᠤᠬᠢᠶᠠᠵᠤ᠂ ᠲᠤᠬᠠᠢ ᠶᠢᠨ ᠲᠠᠩᠭ᠋ᠤᠤᠨ ᠶᠢᠨ ᠬᠠᠮᠰᠠᠨ ᠰᠤᠷᠭᠠᠭᠴᠢ ᠪᠠᠢ᠌ᠭᠰᠠᠨ ᠠᠭᠸᠩᠯᠤᠪᠰᠠᠩ ᠡᠴᠡ ᠮᠠᠨᠵᠦᠤ ᠮᠣᠩᠭᠣᠯ ᠬᠤᠶᠠᠷ ᠬᠡᠯᠡᠨ ᠳᠤ ᠤᠷᠴᠢᠭᠤᠯᠤᠨ ᠪᠠᠭᠤᠯᠭᠠᠵᠠᠢ᠃ ᠲᠡᠷᠡ ᠨᠢ ᠠᠷᠪᠠᠨ ᠭᠤᠷᠪᠠᠳᠤᠭᠠᠷ ᠵᠠᠭᠤᠨ ᠦ ᠲᠦᠪᠡᠳ ᠤᠨ ᠠᠯᠳᠠᠷᠲᠤ ᠭᠦᠩᠭ᠋ᠠᠵᠠᠯᠽᠠᠨ ᠦ ᠪᠦᠳᠦᠭᠡᠯ 《ᠡᠷᠳᠡᠨᠢ ᠶᠢᠨ ᠰᠠᠩ ᠰᠤᠪᠠᠰᠢᠲᠢ》ᠡᠴᠡ ᠬᠤᠢ᠌ᠰᠢᠬᠢ ᠲᠠᠢ᠌ᠴᠢᠩ ᠤᠯᠤᠰ ᠤᠨ ᠦᠶ ᠡ ᠶᠢᠨ ᠭᠤᠷᠪᠠᠨ ᠬᠡᠯᠡ ᠬᠠᠪᠰᠤᠷᠭᠠᠭᠰᠠᠨ ᠪᠤᠷᠬᠠᠨ ᠦ ᠱᠠᠰᠢᠨ ᠦ ᠰᠤᠷᠭᠠᠯ ᠤᠨ ᠠᠩᠬ᠎ᠠ ᠡᠭᠦᠰᠭᠡᠭ᠍ᠴᠢ ᠵᠤᠬᠢᠶᠠᠩᠭ᠋ᠤᠢ ᠶᠢᠨ ᠨᠢᠭᠡ ᠮᠦᠨ᠃ ᠡᠭᠦᠨ ᠦ ᠰᠤᠳᠤᠯᠬᠤ ᠨᠢ ᠬᠤᠶᠠᠳᠤᠭᠠᠷ ᠲᠦᠷᠢ ᠶᠢᠨ ᠵᠠᠩᠬᠢᠶ ᠠ ᠬᠤᠳᠤᠭᠲᠤ ᠠᠭᠸᠠᠩᠯᠦᠪᠰᠠᠩᠴᠤᠢ᠌ᠳᠡᠨ ᠦ ᠱᠠᠰᠢᠨ ᠦ ᠦᠵᠡᠯ ᠰᠠᠨᠠᠭ᠎ᠠ ᠶᠢ ᠰᠤᠳᠤᠯᠬᠤ ᠵᠢᠴᠢ ᠪᠤᠷᠬᠠᠨ ᠱᠠᠰᠢᠨ ᠦ ᠰᠤᠷᠪᠤᠯᠵᠢ ᠪᠢᠴᠢᠭ᠌ ᠪᠠ ᠲᠠᠢ᠌ᠴᠢᠩ ᠤᠯᠤᠰ ᠤᠨ ᠦᠶ ᠡ ᠶᠢᠨ ᠪᠤᠷᠬᠠᠨ ᠦ ᠱᠠᠰᠢᠨ ᠦ ᠲᠡᠦᠬᠡ ᠶᠢ ᠰᠤᠳᠤᠯᠬᠤ ᠳᠤ ᠴᠢᠬᠤᠯᠠ ᠡᠷᠳᠡᠮ ᠰᠢᠨᠵᠢᠡᠯᠡᠭᠡᠨ ᠦ ᠠᠴᠢ ᠬᠤᠯᠪᠤᠭᠳᠠᠯ ᠲᠠᠢ ᠶᠤᠮ᠃ |
Original Literature |
View Original Paper
|
出自 |
中国蒙古学
2007年
第3期
|