Abstract |
ᠪᠣᠷᠬᠠᠨ ᠱᠠᠰᠢᠨ ᠮᠣᠩᠭᠤᠯ ᠣᠷᠤᠨ ᠳ᠋ᠤ ᠤᠯᠠᠮᠵᠢᠠᠯᠭᠲᠠᠭᠰᠠᠨ ᠤ ᠲᠠᠷᠠᠭ᠎ᠠ᠂ ᠮᠣᠩᠭᠤᠯ ᠤᠨ ᠪᠦᠭᠡ ᠮᠦᠷᠬᠦᠯ ᠲᠠᠢ ᠬᠠᠷᠢᠯᠴᠠᠨ ᠤᠶᠠᠯᠳᠤᠵᠤ᠂ ᠤᠭ ᠤᠨ ᠲᠦᠯᠦᠪ ᠪᠠᠢᠳᠠᠯ ᠳ᠋ᠤᠨᠢ ᠶᠡᠭᠡᠭᠡᠨ ᠬᠤᠪᠢᠷᠠᠯᠲᠠ ᠲᠠᠢ ᠪᠣᠯᠤᠭᠰᠠᠨ ᠪᠠᠢᠨ᠎ᠠ᠃ᠡᠨᠡ ᠨᠢ ᠲᠡᠭᠦᠨ ᠤ ᠱᠠᠰᠢᠨ ᠤ ᠨᠣᠮᠯᠠᠯ᠂ ᠶᠣᠰᠤ ᠭᠤᠷᠢᠮ᠂ ᠲᠠᠬᠢᠯᠭ᠎ᠠ ᠲᠠᠪᠢᠭ ᠤᠨ ᠶᠠᠤᠰᠤᠨ ᠳ᠋ᠤ ᠬᠠᠷᠠᠭᠳᠠᠳᠠᠭ ᠢᠢᠡᠷ ᠪᠠᠷᠠᠬᠤ ᠦᠭᠡᠢ᠂ ᠬᠦᠨ ᠤᠬᠠᠭᠠᠨ ᠤ ᠦᠵᠡᠯ ᠰᠠᠨᠠᠭᠠᠨ ᠳ᠋ᠤ ᠴᠦ ᠬᠠᠷᠠᠭᠳᠠᠳᠠᠭ᠃ ᠪᠦᠬᠡ ᠮᠷᠦᠭᠦᠯ ᠬᠢᠭᠡᠳ ᠪᠣᠷᠬᠠᠨ ᠱᠠᠰᠢᠨ ᠤ ᠬᠤᠯᠢᠮᠠᠭ ᠶᠢᠷᠲᠢᠨᠴᠦ ᠶᠢᠨ ᠦᠵᠡᠯᠲᠡ ᠪᠣᠯ ᠲᠠᠷᠤᠢ ᠡᠭᠦᠨ ᠤ ᠨᠢᠭᠡᠨ ᠪᠣᠳᠠᠳᠤ ᠢᠯᠡᠷᠡᠯ ᠪᠤᠯᠤᠨ᠎ᠠ᠃ ᠲᠡᠷᠡ ᠨᠢ ᠮᠣᠩᠭᠤᠯ ᠤᠨ ᠡᠷᠲᠡᠨ ᠤ ᠪᠦᠭᠡ ᠮᠦᠷᠭᠦᠯ ᠤᠨ ᠦᠵᠡᠯ ᠰᠠᠨᠠᠭᠠᠨ ᠤ ᠬᠤᠪᠢᠷᠠᠯᠲᠠ ᠵᠢ ᠲᠤᠰᠬᠠᠵᠤ ᠪᠠᠢᠳᠠᠭ ᠢᠢᠡᠷ ᠪᠠᠷᠠᠬᠤ ᠦᠭᠡᠢ᠂ ᠪᠠᠰᠠᠴᠦ ᠮᠣᠩᠭᠤᠯ ᠤᠨ ᠪᠣᠷᠬᠠᠨ ᠱᠠᠰᠢᠨ ᠤ ᠬᠦᠨ ᠤᠬᠠᠭᠠᠨ ᠤ ᠦᠪᠡᠷᠮᠢᠡᠴᠡ ᠣᠨᠴᠠᠯᠢᠭ ᠰᠢᠨᠵᠢ ᠵᠢ ᠬᠠᠷᠠᠭᠤᠯᠤᠵ ᠪᠠᠢᠳᠠᠭ ᠶᠣᠮ᠃ ᠡᠢᠮᠦ ᠡᠴᠡ ᠪᠦᠭᠡ ᠮᠦᠷᠬᠦᠯ ᠬᠢᠭᠡᠳᠪᠡᠷᠬᠠᠨ ᠱᠠᠰᠢᠨ ᠤ ᠶᠢᠷᠲᠢᠨᠴᠦ ᠶᠢᠨ ᠦᠵᠡᠯᠲᠡ ᠶᠢᠨ ᠤᠶᠠᠯᠳᠤᠯ ᠢ ᠬᠦᠨ ᠤᠬᠠᠭᠠᠨ ᠤ ᠲᠠᠯ ᠠ ᠡᠴᠡ ᠰᠣᠳᠤᠯᠬᠤ ᠶᠠᠪᠤᠳᠠᠯ ᠨᠢ ᠮᠣᠩᠭᠤᠯᠴᠤᠳ ᠤᠨ ᠨᠡᠢᠭᠡᠮ ᠤᠨ ᠦᠵᠡᠯ ᠤᠬᠠᠮᠰᠠᠷ ᠤᠨ ᠲᠡᠦᠬᠡ᠂ ᠢᠯᠠᠩᠭᠤᠶ ᠠ ᠮᠣᠩᠭᠤᠯ ᠤᠨ ᠱᠠᠰᠢᠨ ᠤ ᠭᠦᠨ ᠤᠬᠠᠭᠠᠨ ᠤ ᠲᠡᠦᠬᠡ ᠵᠢ ᠰᠣᠳᠤᠯᠬᠤ ᠳ᠋ᠤ ᠴᠢᠬᠤᠯᠠ ᠬᠤᠯᠪᠤᠭᠳᠠᠬᠤ ᠠᠰᠠᠭᠤᠳᠠᠯ ᠤᠨ ᠨᠢᠭ ᠡᠪᠣᠯᠤᠭᠰᠠᠨ ᠪᠠᠢᠨ᠎ᠠ᠃ |