Title |
ᠦᠢᠯᠡ ᠬᠡᠷᠡᠭ ᠦᠨ ᠬᠤᠯᠪᠤᠭᠳᠠᠬᠤ ᠰᠢᠨᠵᠢ ᠬᠢᠭᠡᠳ ᠨᠦᠬᠦᠴᠡᠯ ᠦᠢᠯᠡ ᠶᠢᠨ ᠬᠡᠯᠪᠡᠷᠢ ᠶᠢᠨ ᠴᠢᠳᠠᠮᠵᠢ |
Creator |
ᠯ᠂ ᠲᠤᠭᠲᠠᠮᠪᠠᠶᠠᠷ |
Keyword |
ᠴᠠᠭ ᠤᠨ ᠳᠡᠰ ᠳᠠᠷᠠᠭᠠᠯᠠᠯ ᠤᠨ ᠵᠠᠷᠴᠢᠮ; ᠦᠢᠯᠡ ᠬᠡᠷᠡᠭ ᠦᠨ ᠬᠤᠯᠪᠤᠭᠳᠠᠬᠤ ᠰᠢᠨᠵᠢ; ᠨᠦᠬᠦᠴᠡᠯ ᠦᠢᠯᠡ ᠶᠢᠨ ᠬᠡᠯᠪᠡᠷᠢ ᠶᠢᠨ ᠤᠳᠬ᠎ᠠ ᠪᠠ ᠬᠡᠷᠡᠭᠯᠡᠭᠡᠨ ᠦ ᠴᠢᠳᠠᠮᠵᠢ |
Abstract |
ᠦᠭᠦᠯᠡᠯ ᠳᠦ ᠲᠠᠨᠢᠨ ᠮᠡᠳᠡᠭᠦᠢ ᠶᠢᠨ ᠲᠠᠯ᠎ᠠ ᠠᠴᠠ ᠮᠣᠩ᠋ᠭᠤᠯ ᠬᠡᠯᠡᠨ ᠦ ᠨᠦᠬᠦᠴᠡᠯ ᠦᠢᠯᠡ ᠶᠢᠨ ᠬᠡᠯᠪᠡᠷᠢ ᠶᠢᠨ ᠤᠳᠬ᠎ᠠ ᠪᠠ ᠬᠡᠷᠡᠭᠯᠡᠭᠡᠨ ᠦ ᠴᠢᠳᠠᠮᠵᠢ᠂ ᠲᠡᠭᠦᠨ ᠦ ᠪᠦᠷᠢᠯᠳᠦᠵᠦ ᠬᠦᠭ᠍ᠵᠢᠭᠰᠡᠨ ᠶᠠᠤᠴᠠ ᠶᠢ ᠰᠢᠨᠵᠢᠯᠡᠵᠡᠢ᠃ ᠰᠢᠨᠵᠢᠯᠡᠭᠡᠨ ᠦ ᠳ᠋ᠦᠩ ᠳᠦ ᠂ ᠮᠣᠩ᠋ᠭᠤᠯ ᠬᠡᠯᠡᠨ ᠦ ᠨᠦᠬᠦᠴᠡᠯ ᠦᠢᠯᠡ ᠶᠢᠨ ᠬᠡᠯᠪᠡᠷᠢ ᠨᠢ ᠦᠢᠯᠡ ᠬᠡᠷᠡᠭ ᠦᠨ ᠴᠠᠭ ᠤᠨ ᠳᠡᠰ ᠳᠠᠷᠠᠭᠠᠯᠠᠯ ᠤᠨ ᠵᠠᠷᠴᠢᠮ ᠬᠢᠭᠡᠳ ᠦᠢᠯᠡ ᠬᠡᠷᠡᠭ ᠦᠨ ᠬᠤᠯᠪᠤᠭᠳᠠᠬᠤ ᠰᠢᠨᠵᠢ ᠶᠢ ᠦᠨᠳᠦᠰᠦᠯᠡᠵᠦ᠂ ᠠᠳᠠᠯᠢ ᠪᠤᠰᠤ ᠦᠢᠯᠡ ᠬᠡᠷᠡᠭ ᠢ ᠶᠠᠩᠵᠤ ᠪᠦᠷᠢ ᠶᠢᠨ ᠤᠳᠬ᠎ᠠ ᠶᠢᠨ ᠬᠠᠷᠢᠴᠠᠭ᠎ᠠ ᠲᠠᠢ ᠪᠠᠷ ᠤᠭᠰᠠᠷᠠᠭᠤᠯᠤᠨ ᠬᠤᠯᠪᠤᠬᠤ ᠪᠤᠶᠤ ᠨᠦᠬᠦᠴᠡᠯᠳᠦᠭᠦᠯᠦᠨ ᠬᠤᠯᠪᠤᠵᠤ᠂ ᠬᠡᠯᠡᠨ ᠳᠦ ᠨᠡᠢ᠌ᠯᠡᠮᠡᠯ ᠦᠭᠦᠯᠡᠪᠦᠷᠢ ᠶᠢᠨ ᠪᠦᠲᠦᠴᠡ ᠪᠤᠶᠤ ᠣᠯᠠᠨ ᠦᠢᠯᠡᠳᠦ ᠦᠭᠦᠯᠡᠭᠦᠨ ᠦ ᠪᠦᠲᠦᠴᠡ ᠶᠢ ᠡᠭᠦᠰᠭᠡᠵᠦ ᠪᠠᠢ᠌ᠳᠠᠭ᠃ ᠬᠦᠮᠦᠨ ᠦ ᠡᠩ ᠦᠨ ᠲᠠᠨᠢᠨ ᠮᠡᠳᠡᠭᠦᠢ ᠶᠢᠨ ᠬᠦᠭ᠍ᠵᠢᠯ ᠦᠨ ᠬᠡᠯᠪᠡᠷᠢ ᠶᠢ ᠦᠨᠳᠦᠰᠦᠯᠡᠪᠡᠯ᠂ ᠨᠦᠬᠦᠴᠡᠯ ᠦᠢᠯᠡ ᠶᠢᠨ ᠬᠡᠯᠪᠡᠷᠢ ᠨᠢ ᠬᠡᠯᠡᠨ ᠦ ᠲᠡᠦᠬᠡ ᠳᠦ ᠨᠡᠯᠢᠶᠡᠳ ᠬᠤᠵᠢᠭᠤ ᠦᠶ᠎ᠡ ᠳᠦ ᠡᠭᠦᠰᠴᠦ ᠬᠦᠭ᠍ᠵᠢᠭᠰᠡᠨ ᠶᠤᠮ᠃ ᠦᠢᠯᠡ ᠬᠡᠷᠡᠭ ᠦᠨ ᠬᠤᠯᠪᠤᠭᠳᠠᠬᠤ ᠰᠢᠨᠵᠢ ᠶᠢᠨ ᠲᠤᠬᠠᠢ ᠲᠠᠨᠢᠯᠲᠠ᠂ ᠦᠭᠦᠯᠡᠪᠦᠷᠢ ᠵᠤᠢ᠌ᠵᠢᠯ ᠤᠨ ᠬᠦᠭ᠍ᠵᠢᠬᠦ ᠶᠢ ᠳᠠᠭᠠᠯᠳᠤᠨ᠂ ᠨᠦᠬᠦᠴᠡᠯ ᠦᠢᠯᠡ ᠶᠢᠨ ᠬᠡᠯᠪᠡᠷᠢ ᠨᠢ ᠴᠦᠬᠡᠨ ᠡᠴᠡ ᠪᠡᠨ ᠣᠯᠠᠰᠢᠷᠠᠵᠤ ᠬᠦᠭ᠍ᠵᠢᠭᠰᠡᠨ ᠭᠡᠵᠦ ᠦᠵᠡᠪᠡ᠃ |
Original Literature |
View Original Paper
|
出自 |
蒙古学研究
2011年
第2期
|