Title |
ᠮᠣᠩᠭᠤᠯ ᠬᠡᠯᠡᠨ ᠦ ᠬᠦᠦᠷᠨᠢᠬᠦ ᠦᠭᠦᠯᠡᠪᠦᠷᠢ ᠪᠡ ᠵᠠᠬᠢᠷᠬᠤ ᠬᠦᠰᠡᠬᠦ ᠦᠭᠦᠯᠡᠪᠦᠷᠢ ᠶᠢᠨ ᠠᠪᠢᠶᠠᠨ ᠤ ᠦᠨᠳᠦᠷᠴᠡ ᠶᠢ ᠬᠠᠷᠢᠴᠠᠭᠤᠯᠤᠨ ᠰᠤᠳᠤᠯᠬᠤ ᠨᠢ |
Creator |
ᠦᠵᠡᠰᠭᠦᠯᠡᠩ |
Keyword |
ᠮᠣᠩ᠋ᠭᠤᠯ ᠬᠡᠯᠡ; ᠬᠦᠦᠷᠨᠢᠬᠦ ᠦᠭᠦᠯᠡᠪᠦᠷᠢ; ᠵᠠᠬᠢᠷᠬᠤ ᠬᠦᠰᠡᠬᠦ ᠦᠭᠦᠯᠡᠪᠦᠷᠢ; ᠠᠪᠢᠶᠠᠨ ᠤ ᠦᠨᠳᠦᠷᠴᠡ; ᠠᠳᠠᠯᠢᠳᠬᠠᠨ ᠰᠤᠳᠤᠯᠬᠤ |
Abstract |
ᠦᠭᠦᠯᠡᠪᠦᠷᠢ ᠶᠢᠨ ᠠᠶᠠᠰ ᠪᠤᠯ ᠬᠦᠮᠦᠨ ᠲᠦᠷᠦᠯᠬᠢᠲᠡᠨ ᠦ ᠶᠠᠷᠢᠶᠠᠨ ᠤ ᠬᠡᠯᠡᠨ ᠳᠦ ᠨᠡᠢ᠌ᠲᠡ ᠣᠷᠤᠰᠢᠵᠤ ᠪᠠᠢ᠌ᠭ᠎ᠠ ᠨᠢᠭᠡ ᠵᠤᠢ᠌ᠯ ᠤᠨ ᠨᠠᠷᠢᠨ ᠪᠤᠳᠤᠯᠢᠶᠠᠨ ᠲᠠᠢ ᠦᠵᠡᠭᠳᠡᠯ ᠪᠤᠯᠤᠨ᠎ᠠ᠃ ᠦᠭᠦᠯᠡᠯ ᠳᠦ ᠬᠡᠯᠡᠨ ᠦ ᠵᠦᠢ ᠶᠢᠨ ᠵᠠᠭᠠᠨ ᠵᠢᠴᠢ Halliaday᠋ ᠶᠢᠨ ᠠᠶᠠᠰ ᠤᠨ ᠪᠦᠯᠦᠭ ᠦᠨ ᠣᠨᠣᠯ ᠳᠤ ᠰᠠᠭᠤᠷᠢᠯᠠᠨ᠂ ᠮᠣᠩ᠋ᠭᠤᠯ ᠬᠡᠯᠡᠨ ᠦ ᠬᠦᠦᠷᠨᠢᠬᠦ ᠦᠭᠦᠯᠡᠪᠦᠷᠢ ᠪᠡ ᠵᠠᠬᠢᠷᠬᠤ ᠬᠦᠰᠡᠬᠦ ᠦᠭᠦᠯᠡᠪᠦᠷᠢ ᠶᠢ ᠲᠤᠰ ᠲᠤᠰ ᠭᠤᠷᠪᠠᠨ ᠠᠶᠠᠰ ᠤᠨ ᠪᠦᠯᠦᠭ (ᠡᠬᠢᠨ᠂ ᠳᠤᠮᠳᠠ᠂ ᠠᠳᠠᠭ) ᠬᠤᠪᠢᠶᠠᠬᠤ ᠶᠢᠨ ᠳᠠᠭᠠᠤ ᠳᠠᠭᠤᠨ ᠤ ᠤᠬᠠᠭᠠᠨ ᠤ ᠵᠠᠳᠠᠯᠤᠯᠲᠠ ᠬᠢᠵᠦ᠂ ᠠᠳᠠᠯᠢᠬᠠᠨ ᠨᠢᠭᠡ ᠦᠭᠦᠯᠡᠪᠦᠷᠢ ᠶᠢ ᠬᠦᠦᠷᠨᠢᠬᠦ ᠵᠠᠬᠢᠷᠬᠤ ᠬᠦᠰᠡᠬᠦ ᠬᠤᠶᠠᠷ ᠵᠤᠢ᠌ᠯ ᠤᠨ ᠠᠶᠠᠰ ᠢᠶᠠᠷ ᠤᠩᠰᠢᠭᠤᠯᠤᠭᠰᠠᠨ ᠤ ᠳᠠᠷᠠᠭ᠎ᠠ ᠦᠭᠦᠯᠡᠪᠦᠷᠢ ᠶᠢᠨ ᠠᠪᠢᠶᠠᠨ ᠤ ᠦᠨᠳᠦᠷᠴᠡ ᠶᠢᠨ ᠮᠤᠷᠤᠢ ᠱᠤᠭᠤᠮ ᠤᠨ ᠬᠤᠪᠢᠷᠠᠯ ᠢ ᠠᠳᠠᠯᠢᠳᠬᠠᠨ ᠰᠤᠳᠤᠯᠵᠤ ᠦᠵᠡᠭᠰᠡᠨ ᠦ ᠳ᠋ᠦᠩ ᠳᠦ ᠲᠡᠳᠡᠭᠡᠷ ᠦᠨ ᠦᠭᠦᠯᠡᠪᠦᠷᠢ ᠳᠦ ᠢᠯᠡᠷᠡᠵᠦ ᠪᠠᠢ᠌ᠬᠤ ᠠᠪᠢᠶᠠᠨ ᠤ ᠦᠨᠳᠦᠷᠴᠡ ᠶᠢᠨ ᠮᠤᠷᠤᠢ ᠱᠤᠭᠤᠮ ᠨᠢ ᠶᠡᠬᠡ ᠵᠦᠷᠢᠶᠡᠨ ᠲᠡᠢ ᠶᠢ ᠮᠡᠳᠡᠪᠡ᠃ ᠡᠨᠡ ᠪᠤᠯ ᠮᠣᠩ᠋ᠭᠤᠯ ᠬᠡᠯᠡᠨ ᠦ ᠠᠪᠢᠶ᠎ᠠ ᠶᠢ ᠡᠭᠦᠰᠭᠡᠨ ᠨᠡᠢ᠌ᠯᠡᠭᠦᠯᠬᠦ ᠳᠦ ᠵᠤᠷᠢᠭᠤᠯᠤᠭᠰᠠᠨ ᠬᠡᠯᠡ ᠶᠠᠷᠢᠶᠠᠨ ᠤ ᠠᠶᠠᠰ ᠠᠢ᠌ᠵᠠᠮ ᠤᠨ ᠠᠰᠠᠭᠤᠳᠠᠯ ᠢ ᠰᠢᠢᠳᠪᠦᠷᠢᠯᠡᠬᠦ ᠠᠩ᠋ᠬ᠎ᠠ ᠠᠯᠬᠤᠮ ᠤᠨ ᠲᠤᠷᠰᠢᠯᠲᠠ ᠪᠤᠯᠬᠤ ᠶᠤᠮ᠃ |
Original Literature |
View Original Paper
|
出自 |
中国蒙古学
2014年
第2期
|