Paper Information


Title ᠤᠯᠤᠰ ᠤᠨ ᠳᠤᠲᠤᠭᠠᠳᠤ ᠭᠠᠳᠠᠭᠠᠳᠤ ᠳᠤ ᠬᠠᠳᠠᠭᠠᠯᠠᠭᠳᠠᠵᠤ ᠪᠦᠬᠦᠢ ᠴᠠᠬᠠᠷ ᠬᠡᠪᠰᠢ ᠶᠢᠨ ᠣᠷᠴᠢᠭᠤᠯᠤᠭᠰᠠᠨ 《ᠠᠷᠠᠳ ᠢ ᠲᠡᠵᠢᠭᠡᠭᠦᠢ ᠳᠤᠰᠤᠯ ᠬᠡᠮᠡᠬᠦ ᠶᠤᠰᠤᠨ ᠤ ᠱᠠᠰᠲᠢᠷ》 ᠤᠨ ᠪᠠᠷ ᠬᠡᠪᠯᠡᠯ ᠦᠨ ᠲᠤᠢᠮᠤ
Creator ᠴᠢᠯᠠᠭᠤ
Keyword ᠴᠠᠬᠠᠷ ᠬᠡᠪᠰᠢ; 《ᠷᠠᠰᠢᠶᠠᠨ ᠤ ᠳᠤᠰᠤᠯ》; ᠪᠠᠷ ᠬᠡᠪᠯᠡᠯ
Abstract ᠲᠤᠰ ᠦᠭᠦᠯᠡᠯ ᠳᠦ ᠴᠠᠬᠠᠷ ᠬᠡᠪᠰᠢ ᠯᠤᠪᠰᠠᠩᠴᠦ᠋ᠯᠳᠤᠮ ᠤᠨ ᠣᠷᠴᠢᠭᠤᠯᠤᠭᠰᠠᠨ 《ᠠᠷᠠᠳ ᠢ ᠲᠡᠵᠢᠭᠡᠭᠦᠢ ᠳᠤᠰᠤᠯ ᠬᠡᠮᠡᠬᠦ ᠶᠤᠰᠤᠨ ᠤ ᠱᠠᠰᠲᠢᠷ》(ᠳᠤᠷᠤᠭᠰᠢ 《ᠷᠠᠰᠢᠶᠠᠨ ᠤ ᠳᠤᠰᠤᠯ》 ᠬᠡᠮᠡᠨ ᠲᠤᠪᠴᠢᠯᠠᠨ᠎ᠠ) ᠤᠨ ᠤᠯᠤᠰ ᠤᠨ ᠳᠤᠲᠤᠭᠠᠳᠤ ᠭᠠᠳᠠᠭᠠᠳᠤ ᠳᠤ ᠬᠠᠳᠠᠭᠠᠯᠠᠭᠳᠠᠵᠤ ᠪᠠᠢᠭ᠎ᠠ ᠡᠬᠡ ᠨᠦᠬᠦᠳ ᠦᠨ ᠲᠤᠬᠠᠢ ᠶᠡᠷᠦᠩᠬᠡᠶᠢᠯᠡᠨ ᠲᠠᠨᠢᠯᠴᠠᠭᠤᠯᠬᠤ ᠶᠢ ᠬᠢᠴᠢᠶᠡᠵᠡᠢ᠃ ᠴᠠᠬᠠᠷ ᠬᠡᠪᠰᠢ ᠶᠢᠨ 《ᠷᠠᠰᠢᠶᠠᠨ ᠤ ᠳᠤᠰᠤᠯ》 ᠨᠢ ᠤᠯᠤᠰ ᠤᠨ ᠳᠤᠲᠤᠭᠠᠳᠤ ᠳᠤ ᠮᠤᠳᠤᠨ ᠪᠠᠷ ᠤᠨ ᠡᠬᠡ (ᠬᠤᠶᠠᠷ ᠬᠤᠪᠢ) ᠪᠤᠯᠤᠨ ᠲᠡᠭᠦᠨ ᠦ ᠭᠠᠷ ᠬᠠᠭᠤᠯᠠᠮᠠᠯ ᠡᠬᠡ ᠨᠦᠬᠦᠳ ᠴᠦᠬᠡᠨ ᠪᠤᠰᠤ ᠬᠠᠳᠠᠭᠠᠯᠠᠭᠳᠠᠵᠤ ᠪᠠᠢᠬᠤ ᠪᠠᠷ ᠪᠠᠷᠠᠬᠤ ᠦᠭᠡᠢ ᠤᠯᠤᠰ ᠤᠨ ᠭᠠᠳᠠᠭᠠᠳᠤ ᠳᠤ ᠴᠤ ᠴᠦᠬᠡᠨ ᠪᠤᠰᠤ ᠭᠠᠷ ᠪᠢᠴᠢᠮᠡᠯ ᠬᠠᠳᠠᠭᠠᠯᠠᠭᠳᠠᠵᠤ ᠪᠠᠢᠳᠠᠭ᠃ ᠦᠭᠦᠯᠡᠯ ᠳᠦ ᠶᠠᠭᠤᠨ ᠤ ᠡᠮᠦᠨ᠎ᠡ ᠴᠠᠬᠠᠷ ᠬᠡᠪᠰᠢ ᠶᠢᠨ ᠣᠷᠴᠢᠭᠤᠯᠤᠭᠰᠠᠨ 《ᠷᠠᠰᠢᠶᠠᠨ ᠤ ᠳᠤᠰᠤᠯ》 ᠤᠨ ᠬᠠᠮᠤᠭ ᠤᠨ ᠰᠠᠢᠨ ᠡᠬᠡ ᠪᠤᠯᠬᠤ ᠦᠪᠦᠷ ᠮᠣᠩᠭᠤᠯ ᠤᠨ ᠨᠡᠢᠭᠡᠮ ᠦᠨ ᠰᠢᠨᠵᠢᠯᠡᠬᠦ ᠤᠬᠠᠭᠠᠨ ᠤ ᠬᠦᠷᠢᠶᠡᠯᠡᠩ ᠳᠦ ᠬᠠᠳᠠᠭᠠᠯᠠᠭᠳᠠᠵᠤ ᠪᠤᠢ ᠮᠤᠳᠤᠨ ᠪᠠᠷ ᠤᠨ ᠡᠬᠡ ᠶᠢ ᠲᠠᠨᠢᠯᠴᠠᠭᠤᠯᠵᠤ᠂ ᠳᠠᠷᠠᠭ᠎ᠠ ᠨᠢ ᠤᠯᠤᠰ ᠤᠨ ᠳᠤᠲᠤᠭᠠᠳᠤ ᠳᠤ ᠬᠠᠳᠠᠭᠠᠯᠠᠭᠳᠠᠵᠤ ᠪᠠᠢᠭ᠎ᠠ ᠪᠤᠰᠤᠳ ᠭᠠᠷ ᠬᠠᠭᠤᠯᠠᠮᠠᠯ ᠡᠬᠡ ᠦᠳ ᠢ ᠬᠦᠰᠦᠨᠦᠭᠴᠢᠯᠡᠨ ᠪᠦᠷᠢᠳᠭᠡᠵᠦ᠂ ᠡᠴᠦᠰ ᠲᠦ ᠤᠯᠤᠰ ᠤᠨ ᠭᠠᠳᠠᠭᠠᠳᠤ ᠳᠤ ᠬᠠᠳᠠᠭᠠᠯᠠᠭᠳᠠᠵᠤ ᠪᠠᠢᠭ᠎ᠠ ᠭᠠᠷ ᠪᠢᠴᠢᠮᠡᠯ ᠡᠬᠡ ᠨᠦᠬᠦᠳ ᠦᠨ ᠲᠤᠬᠠᠢ ᠦᠭᠦᠯᠡᠵᠡᠢ᠃
Original Literature No Original Paper
出自 赤峰学院学报(蒙文哲学社会科学版) 2016年 第1期

联系我们


内蒙古大学图书馆
呼和浩特市大学西路235号
中国·内蒙古
P: (0471) 4992561
E: huangfeilong@imu.edu.cn