Title |
ᠤᠯᠤᠰ ᠤᠨ ᠳᠤᠲᠤᠭᠠᠳᠤ ᠭᠠᠳᠠᠭᠠᠳᠤ ᠳᠤ ᠬᠠᠳᠠᠭᠠᠯᠠᠭᠳᠠᠵᠤ ᠪᠦᠬᠦᠢ ᠴᠠᠬᠠᠷ ᠬᠡᠪᠰᠢ ᠶᠢᠨ ᠣᠷᠴᠢᠭᠤᠯᠤᠭᠰᠠᠨ 《ᠠᠷᠠᠳ ᠢ ᠲᠡᠵᠢᠭᠡᠭᠦᠢ ᠳᠤᠰᠤᠯ ᠬᠡᠮᠡᠬᠦ ᠶᠤᠰᠤᠨ ᠤ ᠱᠠᠰᠲᠢᠷ》 ᠤᠨ ᠪᠠᠷ ᠬᠡᠪᠯᠡᠯ ᠦᠨ ᠲᠤᠢᠮᠤ |
Creator |
ᠴᠢᠯᠠᠭᠤ |
Keyword |
ᠴᠠᠬᠠᠷ ᠬᠡᠪᠰᠢ; 《ᠷᠠᠰᠢᠶᠠᠨ ᠤ ᠳᠤᠰᠤᠯ》; ᠪᠠᠷ ᠬᠡᠪᠯᠡᠯ |
Abstract |
ᠲᠤᠰ ᠦᠭᠦᠯᠡᠯ ᠳᠦ ᠴᠠᠬᠠᠷ ᠬᠡᠪᠰᠢ ᠯᠤᠪᠰᠠᠩᠴᠦ᠋ᠯᠳᠤᠮ ᠤᠨ ᠣᠷᠴᠢᠭᠤᠯᠤᠭᠰᠠᠨ 《ᠠᠷᠠᠳ ᠢ ᠲᠡᠵᠢᠭᠡᠭᠦᠢ ᠳᠤᠰᠤᠯ ᠬᠡᠮᠡᠬᠦ ᠶᠤᠰᠤᠨ ᠤ ᠱᠠᠰᠲᠢᠷ》(ᠳᠤᠷᠤᠭᠰᠢ 《ᠷᠠᠰᠢᠶᠠᠨ ᠤ ᠳᠤᠰᠤᠯ》 ᠬᠡᠮᠡᠨ ᠲᠤᠪᠴᠢᠯᠠᠨ᠎ᠠ) ᠤᠨ ᠤᠯᠤᠰ ᠤᠨ ᠳᠤᠲᠤᠭᠠᠳᠤ ᠭᠠᠳᠠᠭᠠᠳᠤ ᠳᠤ ᠬᠠᠳᠠᠭᠠᠯᠠᠭᠳᠠᠵᠤ ᠪᠠᠢᠭ᠎ᠠ ᠡᠬᠡ ᠨᠦᠬᠦᠳ ᠦᠨ ᠲᠤᠬᠠᠢ ᠶᠡᠷᠦᠩᠬᠡᠶᠢᠯᠡᠨ ᠲᠠᠨᠢᠯᠴᠠᠭᠤᠯᠬᠤ ᠶᠢ ᠬᠢᠴᠢᠶᠡᠵᠡᠢ᠃ ᠴᠠᠬᠠᠷ ᠬᠡᠪᠰᠢ ᠶᠢᠨ 《ᠷᠠᠰᠢᠶᠠᠨ ᠤ ᠳᠤᠰᠤᠯ》 ᠨᠢ ᠤᠯᠤᠰ ᠤᠨ ᠳᠤᠲᠤᠭᠠᠳᠤ ᠳᠤ ᠮᠤᠳᠤᠨ ᠪᠠᠷ ᠤᠨ ᠡᠬᠡ (ᠬᠤᠶᠠᠷ ᠬᠤᠪᠢ) ᠪᠤᠯᠤᠨ ᠲᠡᠭᠦᠨ ᠦ ᠭᠠᠷ ᠬᠠᠭᠤᠯᠠᠮᠠᠯ ᠡᠬᠡ ᠨᠦᠬᠦᠳ ᠴᠦᠬᠡᠨ ᠪᠤᠰᠤ ᠬᠠᠳᠠᠭᠠᠯᠠᠭᠳᠠᠵᠤ ᠪᠠᠢᠬᠤ ᠪᠠᠷ ᠪᠠᠷᠠᠬᠤ ᠦᠭᠡᠢ ᠤᠯᠤᠰ ᠤᠨ ᠭᠠᠳᠠᠭᠠᠳᠤ ᠳᠤ ᠴᠤ ᠴᠦᠬᠡᠨ ᠪᠤᠰᠤ ᠭᠠᠷ ᠪᠢᠴᠢᠮᠡᠯ ᠬᠠᠳᠠᠭᠠᠯᠠᠭᠳᠠᠵᠤ ᠪᠠᠢᠳᠠᠭ᠃ ᠦᠭᠦᠯᠡᠯ ᠳᠦ ᠶᠠᠭᠤᠨ ᠤ ᠡᠮᠦᠨ᠎ᠡ ᠴᠠᠬᠠᠷ ᠬᠡᠪᠰᠢ ᠶᠢᠨ ᠣᠷᠴᠢᠭᠤᠯᠤᠭᠰᠠᠨ 《ᠷᠠᠰᠢᠶᠠᠨ ᠤ ᠳᠤᠰᠤᠯ》 ᠤᠨ ᠬᠠᠮᠤᠭ ᠤᠨ ᠰᠠᠢᠨ ᠡᠬᠡ ᠪᠤᠯᠬᠤ ᠦᠪᠦᠷ ᠮᠣᠩᠭᠤᠯ ᠤᠨ ᠨᠡᠢᠭᠡᠮ ᠦᠨ ᠰᠢᠨᠵᠢᠯᠡᠬᠦ ᠤᠬᠠᠭᠠᠨ ᠤ ᠬᠦᠷᠢᠶᠡᠯᠡᠩ ᠳᠦ ᠬᠠᠳᠠᠭᠠᠯᠠᠭᠳᠠᠵᠤ ᠪᠤᠢ ᠮᠤᠳᠤᠨ ᠪᠠᠷ ᠤᠨ ᠡᠬᠡ ᠶᠢ ᠲᠠᠨᠢᠯᠴᠠᠭᠤᠯᠵᠤ᠂ ᠳᠠᠷᠠᠭ᠎ᠠ ᠨᠢ ᠤᠯᠤᠰ ᠤᠨ ᠳᠤᠲᠤᠭᠠᠳᠤ ᠳᠤ ᠬᠠᠳᠠᠭᠠᠯᠠᠭᠳᠠᠵᠤ ᠪᠠᠢᠭ᠎ᠠ ᠪᠤᠰᠤᠳ ᠭᠠᠷ ᠬᠠᠭᠤᠯᠠᠮᠠᠯ ᠡᠬᠡ ᠦᠳ ᠢ ᠬᠦᠰᠦᠨᠦᠭᠴᠢᠯᠡᠨ ᠪᠦᠷᠢᠳᠭᠡᠵᠦ᠂ ᠡᠴᠦᠰ ᠲᠦ ᠤᠯᠤᠰ ᠤᠨ ᠭᠠᠳᠠᠭᠠᠳᠤ ᠳᠤ ᠬᠠᠳᠠᠭᠠᠯᠠᠭᠳᠠᠵᠤ ᠪᠠᠢᠭ᠎ᠠ ᠭᠠᠷ ᠪᠢᠴᠢᠮᠡᠯ ᠡᠬᠡ ᠨᠦᠬᠦᠳ ᠦᠨ ᠲᠤᠬᠠᠢ ᠦᠭᠦᠯᠡᠵᠡᠢ᠃ |
Original Literature |
No Original Paper
|
出自 |
赤峰学院学报(蒙文哲学社会科学版)
2016年
第1期
|