Paper Information


Title ᠤᠳᠬ᠎ᠠ ᠵᠤᠬᠢᠶᠠᠯ ᠤᠨ ᠤᠢ᠌ᠯᠠᠭᠠᠭᠳᠠᠬᠤᠨ ᠤ ᠲᠡᠦᠬᠡᠴᠢ ᠰᠢᠨᠵᠢ ᠪᠠ 1949 — 1999 ᠤᠨ ᠤ ᠦᠶ᠎ᠡ ᠳᠡᠬᠢ ᠮᠤᠩᠭ᠋ᠤᠯ ᠤᠳᠬ᠎ᠠ ᠵᠤᠬᠢᠶᠠᠯ ᠤᠨ ᠤᠢᠯᠠᠭᠠᠭᠳᠠᠬᠤᠨ ᠤ ᠲᠤᠢ᠌ᠮᠤ ᠲᠠᠢ᠌ᠯᠤᠨ
Creator ᠪᠤᠤ ᠶᠢᠩ ᠭᠸ
Keyword ᠤᠳᠬ᠎ᠠ ᠵᠤᠬᠢᠶᠠᠯ ᠤᠨ ᠤᠢ᠌ᠯᠠᠭᠠᠭᠳᠠᠬᠤᠨ; ᠲᠡᠦᠬᠡᠳᠦ ᠰᠢᠨᠵᠢ; ᠤᠳᠤ ᠦᠶ᠎ᠡ ᠶᠢᠨ ᠮᠤᠩᠭ᠋ᠤᠯ ᠤᠳᠬ᠎ᠠ ᠵᠤᠬᠢᠶᠠᠯ; ᠲᠠᠢ᠌ᠯᠤᠨ
Abstract ᠤᠳᠬ᠎ᠠ ᠵᠤᠬᠢᠶᠠᠯ ᠤᠨ ᠤᠢ᠌ᠯᠠᠭᠠᠭᠳᠠᠬᠤᠨ ᠪᠤᠯ ᠤᠳᠬ᠎ᠠ ᠵᠤᠬᠢᠶᠠᠯ ᠤᠨ ᠲᠤᠬᠠᠢ ᠲᠠᠨᠢᠯᠳᠠ ᠶᠢᠨ ᠰᠢᠭᠤᠳ ᠢᠯᠡᠷᠡᠭᠦᠨ ᠮᠦᠨ᠃ ᠦᠵᠡᠯ ᠰᠠᠨᠠᠭᠠᠨ ᠤ ᠰᠢᠰᠲ᠋ᠸᠮ ᠤᠨ ᠠᠮᠢᠳᠤ ᠬᠦᠳᠡᠯᠭᠡᠭᠡᠨᠳᠦ ᠬᠡᠰᠡᠭ ᠪᠤᠯᠬᠤᠷ ᠤᠳᠬ᠎ᠠ ᠵᠤᠬᠢᠶᠠᠯ ᠤᠨ ᠤᠢ᠌ᠯᠠᠭᠠᠭᠳᠠᠬᠤᠨ ᠤ ᠲᠡᠦᠬᠡᠳᠦ ᠰᠢᠨᠵᠢ ᠪᠤᠯᠤᠨ ᠤᠷᠤᠰᠤᠩᠭ᠋ᠤᠢ ᠰᠢᠨᠵᠢ ᠨᠢ ᠲᠡᠭᠦᠨ ᠤ ᠬᠦᠭ᠍ᠵᠢᠯᠳᠡ ᠶᠢᠨ ᠵᠠᠢ᠌ᠯᠠᠰᠢ ᠦᠭᠡᠢ ᠴᠢᠨᠠᠷ ᠪᠤᠯᠤᠨ᠎᠃ ᠠᠳᠠᠯᠢ ᠪᠤᠰᠤ ᠴᠠᠭ ᠦᠶ᠎ᠡ᠂ ᠨᠡᠢ᠌ᠭᠡᠮ ᠤᠷᠴᠢᠨ᠂ ᠤᠳᠬ᠎ᠠ ᠤᠷᠠᠯᠢᠭ ᠤᠨ ᠦᠵᠡᠯ ᠤᠷᠤᠰᠬᠠᠯ᠂ ᠠᠳᠠᠯᠢ ᠪᠤᠰᠤ ᠬᠠᠷᠠᠯᠳᠠ ᠡᠴᠡ ᠪᠤᠯᠤᠭᠰᠠᠨ ᠬᠦᠮᠦᠰ ᠤᠨ ᠤᠳᠬ᠎ᠠ ᠵᠤᠬᠢᠶᠠᠯ ᠤᠨ ᠲᠤᠬᠠᠢ ᠦᠵᠡᠯᠳᠡ ᠤᠢ᠌ᠯᠠᠭᠠᠭᠳᠠᠬᠤᠨ ᠲᠠᠰᠤᠷᠠᠯ ᠦᠭᠡᠢ ᠪᠡᠷ ᠬᠤᠪᠢᠷᠠᠵᠤ ᠰᠢᠨᠡᠴᠢᠯᠡᠭᠳᠡᠨ᠂ ᠤᠳᠬ᠎ᠠ ᠵᠤᠬᠢᠶᠠᠯ ᠤᠨ ᠤᠯᠪᠠᠭ᠎ᠠ ᠶᠢ ᠴᠠᠭ ᠢᠮᠠᠭᠳᠠ ᠦᠵᠡᠭᠦᠯᠵᠦ ᠪᠠᠢ᠌ᠳᠠᠭ᠃ ᠦᠭᠦᠯᠡᠯ ᠳᠤ 1949 — 1999 ᠤᠨ ᠤ ᠡᠯ᠎ᠡ ᠬᠤᠭᠤᠴᠠᠭᠠᠯᠠᠯ ᠳᠤ ᠮᠤᠩᠭ᠋ᠤᠯ ᠤᠳᠬ᠎ᠠ ᠵᠤᠬᠢᠶᠠᠯ ᠨᠢ ᠠᠳᠠᠯᠢ ᠪᠤᠰᠤ ᠶᠢᠨ ᠬᠠᠷᠠᠯᠳᠠ ᠤᠨᠤᠯᠳᠠ ᠲᠠᠢ᠂ ᠤᠯᠠᠨ ᠡᠰᠢᠴᠢᠯᠡᠭᠰᠡᠨ ᠰᠢᠨᠵᠢ ᠲᠠᠢ ᠪᠠᠢ᠌ᠪᠠ ᠭᠡᠰᠡᠨ ᠢ ᠤᠢ᠌ᠯᠠᠭᠠᠭᠳᠠᠬᠤᠨ ᠤ ᠡᠭᠦᠳᠡᠨ ᠡᠴᠡ ᠲᠤᠢ᠌ᠮᠤᠴᠢᠯᠠᠨ ᠲᠠᠢ᠌ᠯᠪᠤᠷᠢᠯᠠᠪᠠ᠃
Original Literature View Original Paper
出自 中国蒙古学 2013年 第5期

联系我们


内蒙古大学图书馆
呼和浩特市大学西路235号
中国·内蒙古
P: (0471) 4992561
E: huangfeilong@imu.edu.cn