Paper Information


Title 《ᠦᠪᠦᠷ ᠮᠤᠩᠭ᠋ᠤᠯ ᠤᠨ ᠤᠳᠬ᠎ᠠ ᠤᠷᠠᠯᠢᠭ》 ᠬᠢᠭᠡᠳ 《ᠦᠨᠢᠷ ᠴᠡᠴᠡᠭ》 ᠤᠨ ᠬᠠᠷᠢᠴᠠᠭ᠎ᠠ - 《ᠦᠨᠢᠷ ᠴᠡᠴᠡᠭ》 ᠤᠨ ᠤᠤᠭᠠᠨ ᠬᠡᠪᠯᠡᠯ ᠢ ᠮᠠᠭᠠᠳᠯᠠᠬᠤ ᠨᠢ
Creator ᠰ • ᠤᠷᠤᠰᠬᠠᠯ
Keyword 《ᠦᠪᠦᠷ ᠮᠤᠩᠭ᠋ᠤᠯ ᠤᠨ ᠤᠳᠬ᠎ᠠ ᠤᠷᠠᠯᠢᠭ》; 《ᠦᠪᠦᠷ ᠮᠤᠩᠭ᠋ᠤᠯ ᠤᠨ ᠤᠷᠠᠨ ᠵᠤᠬᠢᠶᠠᠯ》; 《ᠦᠨᠢᠷ ᠴᠡᠴᠡᠭ》; ᠤᠤᠭᠠᠨ ᠬᠡᠪᠯᠡᠯ
Abstract 1955 ᠤᠨ ᠳᠤ ᠬᠡᠪᠯᠡᠯ ᠡᠭᠢᠯᠡᠭᠰᠡᠨ 《ᠦᠪᠦᠷ ᠮᠤᠩᠭ᠋ᠤᠯ ᠤᠨ ᠤᠷᠠᠨ ᠵᠤᠬᠢᠶᠠᠯ》 ᠰᠡᠳᠭᠦᠯ ᠢ 《ᠦᠨᠢᠷ ᠴᠡᠴᠡᠭ》 ᠰᠡᠳᠭᠦᠯ ᠤᠨ ᠡᠬᠢᠯᠡᠯᠳᠡ ᠪᠤᠯᠭᠠᠵᠤ᠂ 《ᠦᠪᠦᠷ ᠮᠤᠩᠭ᠋ᠤᠯ ᠤᠨ ᠤᠳᠬ᠎ᠠ ᠤᠷᠠᠯᠢᠭ》 ᠰᠡᠳᠭᠦᠯ ᠲᠠᠢ ᠬᠤᠯᠪᠤᠭ᠎ᠠ ᠦᠭᠡᠢ ᠭᠡᠳᠡᠭ ᠨᠢ ᠮᠤᠩᠭ᠋ᠤᠯ ᠤᠳᠬ᠎ᠠ ᠵᠤᠬᠢᠶᠠᠯ ᠤᠨ ᠬᠢᠨ ᠤ ᠨᠡᠢ᠌ᠳᠡᠮ ᠤᠨ ᠦᠵᠡᠯᠳᠡ ᠪᠤᠯᠵᠠᠢ᠃ ᠦᠨᠡᠨ ᠳᠤ ᠪᠠᠨ 1950 ᠤᠨ ᠳᠤ ᠬᠡᠪᠯᠡᠯ ᠡᠬᠢᠯᠡᠭᠰᠡᠨ 《ᠦᠪᠦᠷ ᠮᠤᠩᠭ᠋ᠤᠯ ᠤᠨ ᠤᠳᠬ᠎ᠠ ᠤᠷᠠᠯᠢᠭ》 ᠰᠡᠳᠭᠦᠯ ᠪᠤᠯ ᠲᠤᠮᠳᠠᠳᠤ ᠤᠯᠤᠰ ᠤᠨ ᠮᠤᠩᠭ᠋ᠤᠯ ᠤᠳᠬ᠎ᠠ ᠵᠤᠬᠢᠶᠠᠯ ᠤᠨ ᠤᠤᠭᠠᠨ ᠰᠡᠳᠭᠦᠯ ᠮᠦᠨ᠃ ᠡᠨᠡ ᠨᠢ 《ᠦᠨᠢᠷ ᠴᠡᠴᠡᠭ》 ᠰᠡᠳᠭᠦᠯ ᠤᠨ ᠤᠤᠭᠠᠨ ᠬᠡᠪᠯᠡᠯ ᠶᠤᠮ᠃ 《ᠦᠨᠢᠷ ᠴᠡᠴᠡᠭ》 ᠰᠡᠳᠭᠦᠯ 1955 ᠤᠨ ᠳᠤ ᠬᠡᠪᠯᠡᠯ ᠡᠭᠢᠯᠡᠭᠰᠡᠨ ᠪᠢᠰᠢ᠂ ᠬᠠᠷᠢᠨ 1950 ᠤᠨ ᠪᠤᠯᠤᠨ᠎ᠠ᠃ 《ᠦᠪᠦᠷ ᠮᠤᠩᠭ᠋ᠤᠯ ᠤᠨ ᠤᠳᠬ᠎ᠠ ᠤᠷᠠᠯᠢᠭ》 ᠰᠡᠳᠭᠦᠯ ᠤᠨ ᠮᠤᠩᠭ᠋ᠤᠯ ᠬᠢᠳᠠᠳ ᠬᠡᠪᠯᠡᠯ ᠪᠠ 《ᠦᠪᠦᠷ ᠮᠤᠩᠭ᠋ᠤᠯ ᠤᠨ ᠤᠷᠠᠨ ᠵᠤᠬᠢᠶᠠᠯ》 ᠰᠡᠳᠭᠦᠯ ᠤᠨ ᠮᠤᠩᠭ᠋ᠤᠯ ᠬᠢᠳᠠᠳ ᠬᠡᠪᠯᠡᠯ ᠵᠡᠷᠭᠡ ᠲᠤᠬᠠᠢ ᠶᠢᠨ ᠦᠶ᠎ᠡ ᠶᠢᠨ ᠤᠯᠠᠨ ᠮᠠᠲ᠋ᠸᠷᠢᠶᠠᠯ ᠳᠤ ᠨᠡᠢ᠌ᠳᠡᠯᠡᠭᠳᠡᠭᠰᠡᠨ ᠮᠡᠳᠡᠭᠡ ᠰᠤᠷᠠᠭ ᠡᠭᠦᠨ ᠢ ᠬᠡᠷᠡᠴᠢᠯᠡᠨ᠎ᠡ᠃
Original Literature View Original Paper
出自 内蒙古大学学报 2013年 第6期

联系我们


内蒙古大学图书馆
呼和浩特市大学西路235号
中国·内蒙古
P: (0471) 4992561
E: huangfeilong@imu.edu.cn