Abstract |
1921 ᠣᠨ ᠤ ᠠᠷᠠᠳ ᠤᠨ ᠬᠤᠪᠢᠰᠬᠠᠯ ᠢᠯᠠᠭᠰᠠᠨ ᠤ ᠳᠠᠷᠠᠭ᠎ᠠ᠂ ᠠᠷᠠᠳ ᠲᠦᠮᠡᠨ ᠡᠷᠬᠡ ᠮᠡᠳᠡᠵᠦ᠂ ᠠᠯᠢᠪᠠ ᠬᠡᠷᠡᠭ ᠢ ᠡᠬᠢᠯᠡᠬᠦ ᠪᠤᠯᠤᠭᠰᠠᠨ ᠲᠤᠯᠠ ᠤᠷᠠᠯᠢᠭ ᠰᠤᠶᠤᠯ ᠢ ᠦᠪᠡᠷ ᠦᠨ ᠬᠦᠴᠦ ᠪᠡᠷ ᠬᠦᠭ᠍ᠵᠢᠭᠦᠯᠬᠦ ᠡᠭᠦᠷᠭᠡ ᠨᠢ ᠮᠣᠩ᠋ᠭᠤᠯ ᠤᠯᠤᠰ ᠤᠨ ᠵᠠᠯᠠᠭᠤᠴᠤᠳ ᠤᠨ ᠪᠡᠶ᠎ᠡ ᠳᠡᠭᠡᠷ᠎ᠡ ᠲᠠᠯᠪᠢᠭᠳᠠᠵᠠᠢ᠃ ᠮᠣᠩ᠋ᠭᠤᠯ ᠤᠨ ᠣᠷᠴᠢᠨ ᠦᠶ᠎ᠡ ᠶᠢᠨ ᠲᠢᠶᠠᠲ᠋ᠷ ᠤᠷᠠᠯᠢᠭ ᠤᠨ ᠡᠭᠦᠰᠦᠯ ᠬᠦᠭ᠍ᠵᠢᠯ ᠦᠨ ᠵᠠᠮ ᠮᠦᠷ ᠢ ᠲᠤᠢ᠌ᠮᠤᠴᠢᠯᠠᠨ ᠦᠵᠡᠪᠡᠯ᠂ 1922 ᠣᠨ ᠳᠤ ᠮᠣᠩ᠋ᠭᠤᠯ ᠤ ᠣᠷᠴᠢᠨ ᠦᠶ᠎ᠡ ᠶᠢᠨ ᠲᠢᠶᠠᠲ᠋ᠷ ᠢ ᠡᠬᠢᠯᠡᠨ ᠰᠠᠨᠠᠭᠠᠴᠢᠯᠠᠭᠰᠠᠨ ᠠᠴᠠ ᠠᠪᠤᠭᠠᠳ 1931 ᠣᠨ ᠳᠤ ᠲᠦᠪ ᠲᠢᠶᠠᠲ᠋ᠷ ᠪᠠᠢ᠌ᠭᠤᠯᠤᠭᠳᠠᠭᠠᠳ ᠬᠦᠭ᠍ᠵᠢᠯᠲᠡ ᠶᠢᠨ ᠵᠠᠮ ᠳᠠᠭᠠᠨ ᠣᠷᠤᠬᠤ ᠪᠤᠯᠲᠠᠯ᠎ᠠ ᠮᠣᠩ᠋ᠭᠤᠯ ᠤᠨ ᠲᠢᠶᠠᠲ᠋ᠷ ᠨᠢ ᠬᠦᠨᠳᠦ ᠪᠡᠷᠬᠡ ᠳᠠᠪᠠᠭ᠎ᠠ ᠶᠢ ᠳᠠᠪᠠᠨ᠂ ᠮᠦᠨ ᠡᠨᠡ ᠬᠦ ᠬᠦᠴᠢᠷ ᠪᠡᠷᠬᠡ ᠦᠶ᠎ᠡ ᠳᠦ ᠱ᠂ ᠠᠶᠤᠰᠢ᠂ ᠰ᠂ ᠪᠤᠶᠠᠨᠨᠡᠮᠡᠬᠦ᠂ ᠮ᠂ ᠢᠳᠡᠮᠰᠦ᠋ᠷᠦᠩ ᠨᠠᠷ ᠮᠣᠩ᠋ᠭᠤᠯ ᠤᠨ ᠲᠢᠶᠠᠲ᠋ᠷ ᠢ ᠵᠦᠪ ᠵᠦᠭ ᠲᠦᠨᠢ ᠬᠦᠲᠦᠯᠵᠦ᠂ ᠠᠯᠢ ᠣᠯᠠᠨ ᠰᠢᠨ᠎ᠡ ᠰᠢᠨ᠎ᠡ ᠪᠦᠲᠦᠭᠡᠯ ᠢᠶᠡᠨ ᠡᠷᠭᠦᠭ᠍ᠰᠡᠭᠡᠷ ᠪᠠᠢ᠌ᠭᠰᠠᠨ ᠪᠠᠢ᠌ᠨ᠎ᠠ᠃ |