Abstract |
17 ᠳ᠋ᠤᠭᠠᠷ ᠵᠠᠭᠤᠨ ᠡᠴᠡ ᠨᠠᠰᠢ᠂ ᠮᠣᠩᠭᠤᠯᠴᠤᠳ ᠤᠨ ᠲᠤᠮᠲᠠ ᠪᠠᠢᠭᠠᠯᠢ ᠶᠢᠨ ᠬᠦᠨ ᠤᠬᠠᠭᠠᠨ ᠤ ᠦᠵᠡᠯ ᠰᠠᠨᠠᠭ᠎ᠠ ᠲᠡᠯᠭᠡᠷᠡᠵᠦ ᠡᠬᠢᠯᠡᠵᠡᠢ᠃ ᠪᠠᠢᠭᠠᠯᠢ ᠶᠢᠨ ᠬᠦᠨ ᠤᠬᠠᠭᠠᠨ ᠭᠡᠭᠴᠢ ᠪᠣᠯ ᠭᠦᠨ ᠤᠬᠠᠭᠠᠨ ᠤ ᠲᠡᠦᠬᠡ ᠶᠢᠨ ᠠᠢ ᠮᠦᠨ᠂ ᠲᠡᠷᠡ ᠨᠢ ᠪᠠᠢᠭᠠᠯᠢ ᠶᠢᠷᠳᠢᠨᠴᠦ ᠶᠢᠨ ᠲᠦᠮᠡᠨ ᠪᠣᠳᠠᠰ ᠤᠨ ᠡᠬᠢ ᠦᠨᠳᠦᠰᠦ ᠪᠠ ᠨᠢᠭᠡᠲᠦᠮᠡᠯ ᠴᠢᠨᠠᠷ ᠢᠢᠡᠷ ᠰᠣᠳᠤᠯᠤᠭᠳᠠᠬᠤᠨ ᠢᠢᠡᠨ ᠪᠣᠯᠭᠠᠵᠠᠢ᠃ ᠬᠦᠮᠦᠨ ᠲᠦᠷᠦᠯᠬᠢᠲᠡᠨ ᠤ ᠲᠠᠨᠢᠯᠲᠠ ᠶᠢᠨ ᠲᠡᠦᠬᠡᠨ ᠳ᠋ᠤ ᠪᠠᠢᠭᠠᠯᠢ ᠶᠢᠨ ᠬᠦᠨ ᠤᠬᠠᠭᠠᠨ ᠶᠡᠷᠦ ᠨᠢ ᠲᠤᠩ ᠴᠢᠬᠤᠯᠠ ᠪᠠᠢᠷᠢ ᠰᠠᠭᠤᠷᠢ ᠲᠠᠢ ᠪᠠᠢᠳᠠᠭ᠃ ᠮᠣᠩᠭᠤᠯᠴᠤᠳ ᠤᠨ ᠪᠠᠢᠭᠠᠯᠢ ᠶᠢᠨ ᠬᠦᠨ ᠤᠬᠠᠭᠠᠨ ᠤ ᠦᠵᠡᠯ ᠰᠠᠨᠠᠭ᠎ᠠ ᠵᠢ ᠶᠡᠷᠦᠩᠬᠡᠢ ᠳ᠋ᠤᠨᠢ ᠠᠵᠢᠭᠯᠠᠪᠠᠯ᠂ ᠶᠡᠷᠦᠳᠡᠭᠡᠨ 《ᠮᠠᠨᠳᠠᠯ 》ᠭᠡᠳᠡᠭ ᠬᠦᠨ ᠤᠬᠠᠭᠠᠨ ᠤ ᠤᠬᠠᠭᠳᠠᠬᠤᠨ ᠢᠢᠡᠷ ᠰᠡᠳᠬᠢᠭᠦᠢ ᠶᠢᠨ ᠢᠢᠡᠨ ᠦᠨᠳᠦᠰᠦᠨ ᠨᠢᠭᠡᠴᠡ ᠪᠣᠯᠭᠠᠵᠤ᠂ ᠪᠤᠷᠤᠭᠵᠢᠭᠤᠨ ᠬᠤᠪᠢᠰᠤᠩᠭᠤᠢ ᠠᠷᠭ ᠠ ᠶᠢᠨ 《ᠮᠠᠨᠳᠠᠯ ᠤᠨ ᠤᠨᠤᠯ》 ᠢᠢᠡᠷ ᠪᠠᠢᠭᠠᠯᠢ ᠶᠢᠷᠲᠢᠨᠴᠦ ᠶᠢᠨ ᠪᠦᠲᠦᠴᠡ ᠲᠤᠭᠲᠠᠴᠠ ᠵᠢ ᠲᠠᠨᠢᠵᠦ ᠲᠠᠢᠯᠪᠤᠷᠢᠯᠠᠬᠤ ᠭᠡᠰᠡᠨ ᠤᠷᠤᠯᠳᠤᠯᠭ᠎ᠠ ᠴᠢᠷᠮᠠᠢᠯᠭ᠎ᠠ ᠵᠦᠩᠳᠡᠭᠡᠨ ᠲᠡᠬᠢᠶᠠᠯᠳᠤᠳᠠᠭ᠃ |