Title |
ᠮᠣᠩᠭᠤᠯ ᠣᠷᠤᠨ ᠳᠤ ᠡᠨᠡᠳᠬᠡᠭ᠌ ᠦᠨ ᠪᠤᠷᠬᠠᠨ ᠤ ᠱᠠᠰᠢᠨ ᠤ ᠡᠬᠢ ᠶᠢ ᠣᠯᠣᠭᠰᠠᠨ ᠴᠠᠭ ᠤᠨ ᠲᠤᠬᠠᠢ ᠰᠢᠨᠵᠢᠯᠡᠭᠡ |
Creator |
ᠪᠤᠯᠠᠭ |
Keyword |
ᠡᠨᠡᠳᠬᠡᠭ᠌ ᠦᠨ ᠪᠤᠷᠬᠠᠨ ᠤ ᠱᠠᠰᠢᠨ; 《ᠪᠠᠷᠠᠭᠤᠨ ᠣᠷᠤᠨ》; ᠮᠣᠩ᠋ᠭᠤᠯ ᠣᠷᠤᠨ; ᠾᠦᠩᠨᠤ ᠶᠢᠨ ᠺᠦᠴᠡ |
Abstract |
ᠮᠣᠩ᠋ᠭᠤᠯ ᠣᠷᠤᠨ ᠳᠤ ᠡᠨᠡᠳᠬᠡᠭ᠌ ᠦᠨ ᠪᠤᠷᠬᠠᠨ ᠤ ᠱᠠᠰᠢᠨ ᠤ ᠡᠬᠢ ᠶᠢ ᠣᠯᠣᠭᠰᠠᠨ ᠪᠤᠳᠠᠲᠠᠢ ᠴᠠᠭ ᠤᠨ ᠲᠤᠬᠠᠢ ᠡᠷᠳᠡᠮ ᠰᠢᠨᠵᠢᠯᠡᠭᠡᠨ ᠦ ᠬᠢᠨᠢ ᠠᠳᠠᠯᠢ ᠪᠤᠰᠤ ᠪᠠᠷ ᠶᠠᠷᠢᠵᠤ ᠪᠠᠢ᠌ᠭ᠎ᠠ ᠶᠤᠮ᠃ ᠲᠤᠰ ᠦᠭᠦᠯᠡᠯ ᠦ ᠶᠠᠭᠤᠨ ᠤ ᠤᠷᠢᠳ ᠮᠣᠩ᠋ᠭᠤᠯ ᠣᠷᠤᠨ ᠭᠡᠳᠡᠭ ᠦᠨ ᠤᠴᠢᠷ ᠶᠤᠰᠤ ᠶᠢ ᠲᠤᠳᠤᠷᠬᠠᠢ᠌ᠯᠠᠭᠰᠠᠨ ᠤ ᠤᠷᠢᠳᠠᠯ ᠳᠤᠤᠷ᠎ᠠ᠂ ᠾᠦᠩᠨᠤ ᠶᠢᠨ ᠮᠣᠩ᠋ᠭᠤᠯ ᠤᠨ ᠦᠨᠳᠦᠷᠯᠢᠭ᠌᠌ ᠲᠦ ᠠᠩ᠋ᠬᠠᠨ ᠤ ᠲᠤᠯᠭᠤᠷ ᠲᠦᠷᠦ ᠪᠠᠢ᠌ᠭᠤᠯᠤᠭᠰᠠᠨ᠂ ᠲᠡᠭᠦᠨ ᠦ ᠡᠷᠬᠡ ᠮᠡᠳᠡᠯ ᠳᠦ ᠪᠠᠢ᠌ᠭ᠎ᠠ 《ᠪᠠᠷᠠᠭᠤᠨ ᠣᠷᠤᠨ》᠋ ᠳᠤ ᠬᠳᠦᠢ᠌ᠨ ᠡᠨᠡᠳᠬᠡᠭ᠌ ᠦᠨ ᠪᠤᠷᠬᠠᠨ ᠤ ᠱᠠᠰᠢᠨ ᠣᠷᠤᠵᠤ ᠢᠷᠡᠭᠡᠳ ᠪᠠᠢ᠌ᠭᠰᠠᠨ᠂ ᠦᠷᠦᠨᠡᠳᠠᠬᠢᠨ ᠪᠤᠯᠤᠨ ᠳᠤᠷᠤᠨᠠᠳᠠᠬᠢᠨ ᠢ ᠬᠤᠯᠪᠤᠭᠰᠠᠨ 《ᠲᠤᠷᠭ᠎ᠠ ᠶᠢᠨ ᠵᠠᠮ》᠂ ᠺᠦᠱᠠᠨ ᠤᠯᠤᠰ ᠢ ᠪᠠᠢ᠌ᠭᠤᠯᠤᠭᠰᠠᠨ ᠿᠤ ᡁᠢ ᠶᠢᠨ ᠭᠠᠷᠤᠯ ᠡᠭᠦᠰᠦᠯ᠂ ᠦᠪᠦᠷ ᠮᠣᠩ᠋ᠭᠤᠯ ᠣᠷᠤᠨ ᠳᠤ ᠢᠯᠡᠷᠡᠭᠦᠯᠦᠭᠰᠡᠨ ᠬᠤᠷᠢᠨ ᠭᠡᠷ ᠦᠨ ᠵᠡᠭᠦᠨ ᠬᠠᠨ ᠤᠯᠤᠰ ᠤᠨ ᠪᠤᠯᠠᠰᠢ ᠶᠢᠨ ᠬᠤᠶᠠᠷ ᠬᠠᠨ᠎ᠠ ᠶᠢᠨ ᠵᠢᠷᠤᠭ ᠪᠤᠯᠤᠨ ᠶᠡᠬᠡ ᠵᠤᠤ ᠠᠢ᠌ᠮᠠᠭ ᠤᠨ ᠬᠠᠩᠭᠢᠨ ᠬᠤᠰᠢᠭᠤᠨ ᠤ ᠭᠠᠵᠠᠷ ᠳᠤᠤᠷ᠎ᠠ ᠠᠴᠠ ᠢᠯᠡᠷᠡᠭᠦᠯᠦᠭᠰᠡᠨ ᠾᠦᠩᠨᠤ ᠬᠦᠮᠦᠰ ᠦᠨ ᠬᠡᠷᠡᠭᠯᠡᠵᠦ ᠪᠠᠢ᠌ᠭᠰᠠᠨ ᠠᠯᠲᠠᠨ ᠵᠠᠰᠠᠯ ᠴᠢᠮᠡᠭ ᠵᠡᠷᠭᠡ ᠶᠢ ᠠᠵᠢᠭᠯᠠᠨ ᠰᠤᠳᠤᠯᠵᠤ᠂ ᠲᠠᠯ᠎ᠠ ᠪᠦᠬᠦᠨ ᠡᠴᠡ ᠨᠤᠲᠠᠯᠠᠨ ᠪᠠᠲᠤᠯᠠᠵᠤ᠂ ᠮᠣᠩ᠋ᠭᠤᠯ ᠣᠷᠤᠨ ᠳᠤ ᠾᠦᠩᠨᠤ ᠶᠢᠨ ᠦᠶ᠎ᠡ ᠳᠦ 《ᠪᠠᠷᠠᠭᠤᠨ ᠣᠷᠤᠨ》᠋ ᠢᠶᠠᠷ ᠳᠠᠮᠵᠢᠵᠤ ᠡᠨᠡᠳᠬᠡᠭ᠌ ᠦᠨ ᠪᠤᠷᠬᠠᠨ ᠤ ᠱᠠᠰᠢᠨ ᠤ ᠡᠬᠢ ᠶᠢ ᠣᠯᠪᠠ ᠭᠡᠳᠡᠭ ᠦᠵᠡᠯᠲᠡ ᠶᠢ ᠳᠡᠪᠰᠢᠭᠦᠯᠪᠡ᠃ |
Original Literature |
View Original Paper
|
出自 |
中国蒙古学
2005年
第4期
|