Paper Information


Title ᠶᠤᠸᠠᠨ ᠤᠯᠤᠰ ᠤᠨ ᠬᠠᠤᠯᠢ ᠴᠠᠭᠠᠵᠠ ᠳᠠᠬᠢ ᠮᠣᠩ᠋ᠭᠤᠯ ᠲᠦᠷᠦ ᠶᠤᠰᠤᠨ ᠤ ᠤᠯᠠᠮᠵᠢᠯᠠᠯ
Creator ᠴᠢ ᠰᠢᠦ ᠬᠤᠸᠠ
Keyword ᠶᠤᠸᠠᠨ ᠤᠯᠤᠰ; ᠮᠣᠩ᠋ᠭᠤᠯ ᠲᠦᠷᠦ ᠶᠤᠰᠤ; ᠤᠯᠠᠮᠵᠢᠯᠠᠯ
Abstract ᠶᠤᠸᠠᠨ ᠤᠯᠤᠰ ᠪᠤᠯ ᠳᠤᠮᠳᠠᠳᠤ ᠤᠯᠤᠰ ᠤᠨ ᠲᠡᠦᠬᠡᠨ ᠳᠡᠭᠡᠷᠡᠬᠢ ᠲᠠᠯ᠎ᠠ ᠨᠤᠲᠤᠭ ᠤᠨ ᠨᠡᠭᠦᠳᠡᠯᠴᠢᠨ ᠦᠨᠳᠦᠰᠦᠲᠡᠨ ᠡᠴᠡ ᠬᠢᠲᠠᠳ ᠣᠷᠤᠨ ᠢ ᠪᠦᠬᠦ ᠲᠠᠯ᠎ᠠ ᠪᠠᠷ ᠡᠵᠡᠮᠰᠢᠨ ᠵᠠᠬᠢᠷᠤᠭᠰᠠᠨ ᠠᠩ᠋ᠬᠠᠳᠠᠭᠴᠢ ᠲᠤᠮᠤ ᠡᠵᠡᠨᠲᠦ ᠤᠯᠤᠰ ᠪᠤᠯᠤᠨ᠎ᠠ᠃ ᠤᠪᠢᠯᠠᠢ ᠰᠡᠴᠡᠨ ᠬᠠᠭᠠᠨ ᠠᠴᠠ ᠣᠯᠠᠨ ᠦᠨᠳᠦᠰᠦᠲᠡᠨ᠂ ᠣᠯᠠᠨ ᠰᠢᠲᠦᠯᠭᠡᠲᠡᠨ᠂ ᠣᠯᠠᠨ ᠰᠤᠶᠤᠯᠲᠤ ᠣᠷᠤᠨ ᠢ ᠨᠢᠭᠡᠳᠭᠡᠨ ᠵᠠᠬᠢᠷᠬᠤ ᠶᠢᠨ ᠲᠤᠰᠠᠲᠠ ᠠᠯᠢ ᠪᠤᠳᠠᠲᠠᠢ ᠠᠷᠭ᠎ᠠ ᠬᠡᠮᠵᠢᠶ᠎ᠡ ᠠᠪᠤᠭᠰᠠᠨ ᠢᠶᠠᠷ ᠦᠯᠦ ᠪᠠᠷᠠᠮ ᠲᠡᠳᠡᠨ ᠦ ᠳᠠᠳᠬᠠᠯ ᠢ ᠨᠢ ᠦᠨᠳᠦᠰᠦᠯᠡᠵᠦ᠂ ᠨᠤᠶᠠᠷᠬᠠᠯ ᠢᠶᠠᠨ ᠪᠠᠲᠤᠳᠬᠠᠬᠤ ᠶᠢ ᠶᠡᠬᠡᠲᠡ ᠠᠩ᠋ᠬᠠᠷᠴᠠᠢ᠃ ᠢᠯᠠᠩ᠋ᠭᠤᠶ᠎ᠠ ᠬᠢᠲᠠᠳ ᠲᠦᠷᠦ ᠶᠤᠰᠤᠨ  ᠤᠯᠠᠮᠵᠢᠯᠠᠯ ᠬᠢᠭᠡᠳ ᠮᠣᠩ᠋ᠭᠤᠯ ᠲᠦᠷᠦ ᠶᠤᠰᠤᠨ ᠢ ᠤᠶᠠᠯᠳᠤᠭᠤᠯᠤᠨ ᠨᠢᠭᠡᠳᠭᠡᠬᠦ ᠲᠠᠯ᠎ᠠ ᠪᠠᠷ ᠶᠡᠬᠡᠬᠡᠨ ᠬᠦᠴᠦ ᠵᠠᠷᠤᠴᠠᠭᠤᠯᠤᠭᠰᠠᠨ ᠭᠡᠵᠦ ᠬᠡᠯᠡᠵᠦ ᠪᠤᠯᠤᠨ᠎ᠠ᠃ ᠶᠤᠸᠠᠨ ᠤᠯᠤᠰ ᠤᠨ ᠬᠠᠤᠯᠢ ᠴᠠᠭᠠᠵᠠ ᠳᠠᠬᠢ ᠮᠣᠩ᠋ᠭᠤᠯ ᠲᠦᠷᠦ ᠶᠤᠰᠤᠨ ᠤ ᠤᠯᠠᠮᠵᠢᠯᠠᠯ ᠨᠢ ᠶᠠᠭ ᠡᠨᠡ ᠲᠠᠯ᠎ᠠ ᠶᠢᠨ ᠴᠢᠷᠮᠠᠢ᠌ᠯᠠᠭᠠ ᠶᠢᠨ ᠪᠤᠳᠠᠲᠠᠢ ᠢᠯᠡᠷᠡᠯ ᠪᠤᠯᠬᠤ ᠶᠤᠮ᠃
Original Literature View Original Paper
出自 中国蒙古学 2013年 第6期

联系我们


内蒙古大学图书馆
呼和浩特市大学西路235号
中国·内蒙古
P: (0471) 4992561
E: huangfeilong@imu.edu.cn