Title |
ᠡᠮᠡᠭᠲᠡᠢ ᠶᠢᠨ ᠮᠠᠬᠠᠪᠤᠳ᠂ ᠡᠷᠡᠭᠲᠡᠢ ᠶᠢᠨ ᠬᠦᠦᠷᠨᠢᠯ ᠬᠢᠭᠡᠳ ᠬᠤᠯᠭᠠᠢ᠌ᠯᠠᠨ ᠦᠵᠡᠬᠦ ᠲᠤᠷᠠᠰᠢᠯ |
Creator |
ᠢᠦᠢ ᠯᠠᠨ |
Keyword |
ᠡᠮᠡᠭᠲᠡᠢ ᠶᠢᠨ ᠮᠠᠬᠠᠪᠤᠳ; ᠡᠷᠡᠭᠲᠡᠢ ᠶᠢᠨ ᠬᠦᠦᠷᠨᠢᠯ; ᠬᠤᠯᠠᠭᠠᠢ᠌ᠯᠠᠨ ᠦᠵᠡᠬᠦ ᠮᠤᠲ᠋ᠢᠹ; ᠬᠤᠯᠭᠠᠢ᠌ᠯᠠᠨ ᠦᠵᠡᠬᠦ ᠳᠤᠷᠠᠰᠢᠯ |
Abstract |
ᠪᠡᠶ᠎ᠡ ᠮᠠᠬᠠᠪᠤᠳ ᠨᠢ ᠤᠳᠬ᠎ᠠ ᠵᠤᠬᠢᠶᠠᠯ ᠤᠷᠠᠯᠢᠭ ᠤᠨ ᠪᠦᠲᠦᠭᠡᠯ ᠳᠦ ᠨᠢᠭᠡ ᠲᠠᠯ᠎ᠠ ᠪᠠᠷ ᠬᠦᠰᠡᠯ ᠰᠢᠨᠤᠯ ᠤᠨ ᠤᠨᠤᠭᠳᠠᠬᠤᠨ ᠤ ᠪᠠᠢ᠌ᠷᠢᠨ ᠳᠤ ᠪᠠᠢ᠌ᠵᠤ᠂ ᠨᠦᠬᠦᠭᠡ ᠲᠠᠯ᠎ᠠ ᠪᠠᠷ ᠰᠤᠶᠤᠯ ᠰᠡᠳᠬᠢᠴᠡ᠂ ᠨᠡᠢ᠌ᠭᠡᠮ ᠦᠨ ᠦᠵᠡᠯ ᠤᠬᠠᠮᠰᠠᠷ ᠤᠨ ᠠᠴᠢᠯᠠᠭᠴᠢ ᠪᠤᠯᠤᠭᠰᠠᠭᠠᠷ ᠢᠷᠡᠵᠡᠢ᠃ ᠲᠧᠺᠰᠲ᠋ ᠲᠡᠬᠢ ᠪᠡᠶ᠎ᠡ ᠮᠠᠬᠠᠪᠤᠳ ᠠᠴᠠ ᠲᠤᠭᠲᠠᠭᠰᠠᠨ ᠴᠠᠭ ᠦᠶ᠎ᠡ ᠶᠢᠨ ᠶᠠᠮᠠᠷ ᠨᠢᠭᠡᠨ ᠬᠠᠮᠲᠤ ᠴᠤᠭᠴᠠ ᠶᠢᠨ ᠬᠢᠨ ᠦ ᠨᠡᠢ᠌ᠭᠡᠮ ᠲᠡᠦᠬᠡ ᠰᠤᠶᠤᠯ ᠤᠨ ᠰᠢᠨᠵᠢ ᠣᠨᠴᠠᠯᠢᠭ ᠢ ᠬᠤᠷᠢᠶᠠᠩ᠋ᠭᠤᠢᠯᠠᠵᠤ ᠪᠤᠯᠬᠤ ᠪᠠᠷ ᠦᠯᠦ ᠪᠠᠷᠠᠮ ᠲᠤᠭᠤᠷᠪᠢᠯ ᠪᠡᠶ᠎ᠡ ᠶᠢᠨ ᠭᠦᠨ ᠳᠠᠪᠬᠤᠷᠭ᠎ᠠ ᠶᠢᠨ ᠰᠡᠳᠬᠢᠴᠡ ᠶᠢᠨ ᠦᠵᠡᠭᠳᠡᠯ ᠪᠤᠶᠤ ᠡᠵᠡᠭᠦᠢ ᠤᠬᠠᠮᠰᠠᠷ ᠢ ᠴᠤ ᠣᠯᠵᠤ ᠬᠠᠷᠠᠨ᠎ᠠ᠃ ᠰᠨᠡ ᠡᠷᠢᠨ ᠦ ᠡᠷᠡᠭᠲᠡᠢ ᠶᠢᠨ ᠬᠦᠦᠷᠨᠢᠯ ᠳᠦ ᠡᠮᠡᠭᠲᠡᠢ ᠶᠢᠨ ᠮᠠᠬᠠᠪᠤᠳ ᠲᠤ ᠬᠠᠨᠳᠤᠭᠰᠠᠨ ᠨᠢᠭᠡ ᠵᠤᠢ᠌ᠯ ᠤᠨ ᠪᠢᠴᠢᠯᠭᠡ ᠶᠢᠨ ᠬᠡᠪᠢᠯ ᠪᠤᠯᠬᠤ ᠬᠤᠯᠠᠭᠠᠢ᠌ᠯᠠᠨ ᠦᠵᠡᠬᠦ ᠮᠤᠲ᠋ᠢᠹ ᠬᠢᠭᠡᠳ ᠲᠡᠭᠦᠨ ᠦ ᠠᠷᠤ ᠳᠤ ᠳᠠᠯᠳᠠᠯᠠᠭᠰᠠᠨ ᠬᠤᠯᠠᠭᠠᠢ᠌ᠯᠠᠨ ᠦᠵᠡᠬᠦ ᠳᠤᠷᠠᠰᠢᠯ ᠢ ᠰᠢᠨᠵᠢᠯᠡᠪᠡᠯ ᠬᠤᠯᠠᠭᠠᠢ᠌ᠯᠠᠨ ᠦᠵᠡᠬᠦ ᠳᠤᠷᠠᠰᠢᠯ ᠨᠢ ᠰᠧᠺᠰ ᠤᠨ ᠭᠤᠤ᠎ᠠ ᠰᠤᠪᠢᠯᠲᠠ ᠶᠢᠨ ᠰᠡᠳᠬᠢᠴᠡ ᠳᠦ ᠰᠢᠩᠭᠡᠵᠦ᠂ ᠵᠤᠬᠢᠶᠠᠨ ᠪᠦᠲᠦᠭᠡᠬᠦ ᠤᠬᠠᠮᠰᠠᠷᠲᠤ ᠵᠤᠷᠢᠯᠭ᠎ᠠ ᠪᠠᠷ ᠬᠠᠯᠬᠠᠪᠴᠢ ᠪᠤᠯᠭᠠᠨ ᠲᠤᠭᠤᠷᠪᠢᠯ ᠶᠠᠪᠤᠴᠠ ᠶᠢ ᠨᠦᠯᠦᠭᠡᠯᠡᠬᠦ ᠶᠠᠪᠤᠳᠠᠯ ᠪᠤᠯ ᠡᠷᠡᠭᠲᠡᠢᠶᠢᠨ ᠬᠦᠦᠷᠨᠢᠯ ᠳᠦ ᠬᠤᠯᠠᠭᠠᠢ᠌ᠯᠠᠨ ᠦᠵᠡᠬᠦ ᠮᠤᠲ᠋ᠢᠹ ᠣᠯᠠᠨ ᠢᠯᠡᠷᠡᠳᠡᠭ ᠦᠨ ᠴᠢᠬᠤᠯᠠ ᠰᠢᠯᠲᠠᠭᠠᠨ ᠮᠦᠨ᠃ |
Original Literature |
View Original Paper
|
出自 |
中国蒙古学
2013年
第1期
|