Title |
ᠴᠢᠩᠬᠢᠰ ᠬᠠᠭᠠᠨ ᠤ ᠡᠷᠳᠡᠮᠲᠡᠳ ᠢ ᠬᠡᠷᠡᠭᠯᠡᠭᠰᠡᠨ ᠠᠷᠭ᠎ᠠ ᠪᠣᠳᠤᠯᠭ᠎ᠠ ᠶᠢᠨ ᠲᠣᠬᠠᠢ ᠲᠤᠷᠰᠢᠨ ᠦᠭᠦᠯᠡᠬᠦ ᠨᠢ |
Creator |
ᠳ᠋ᠠᠨᠽᠠᠨ |
Keyword |
ᠴᠢᠩᠬᠢᠰ ᠬᠠᠭᠠᠨ ;ᠡᠷᠳᠡᠮᠲᠡᠳ ᠢ ᠬᠡᠷᠡᠭᠯᠡᠭᠰᠡᠨ ; ᠠᠷᠭ᠎ᠠ ᠪᠣᠳᠤᠯᠭ᠎ᠠ |
Abstract |
ᠴᠢᠩᠬᠢᠰ ᠬᠠᠭᠠᠨ ᠡᠨᠡᠬᠦ ᠲᠤᠮᠳᠠᠳᠤ ᠵᠠᠭᠤᠨ ᠤ ᠲᠡᠦᠬᠡᠨ ᠲᠡᠭᠡᠷᠡᠬᠢ 《ᠨᠢᠭᠡᠨ ᠦᠶ ᠡ ᠶᠢᠨ ᠲᠡᠭᠷᠢᠯᠢᠭ ᠬᠦᠪᠡᠭᠦᠨ》 ᠢ ᠨᠠᠢᠮᠠᠨ ᠵᠠᠭᠤᠨ ᠵᠢᠯ ᠤᠨ ᠲᠤᠷᠰᠢ᠂ ᠮᠣᠩᠭᠤᠯ ᠤᠨ ᠬᠠᠭᠤᠴᠢ ᠵᠢ ᠰᠣᠳᠤᠯᠬᠤ ᠭᠠᠳᠠᠭᠠᠲᠤ ᠶᠢᠨ ᠰᠢᠯᠵᠢᠯᠡᠭᠡᠲᠡᠨ ᠨᠠᠷ ᠶᠠᠩᠵᠤ ᠪᠦᠷᠢ ᠶᠢᠨ ᠵᠣᠷᠢᠯᠭ᠎ᠠ᠂ ᠦᠵᠡᠯᠲᠡ ᠪᠠ ᠠᠷᠭ᠎ᠠ ᠪᠡᠷ ᠲᠠᠯ ᠠ ᠪᠦᠷᠢ ᠡᠴᠡ ᠠᠵᠢᠭᠯᠠᠨ ᠰᠢᠨᠵᠢᠯᠡᠭᠰᠡᠭᠡᠷ ᠢᠷᠡᠭᠰᠡᠨ ᠪᠢᠯᠡ᠃ ᠴᠢᠩᠬᠢᠰ ᠬᠠᠭᠠᠨ ᠠᠷᠤ ᠭᠠᠵᠠᠷ ᠤᠨ ᠲᠠᠷᠠᠬᠠᠢ ᠪᠣᠲᠠᠷᠬᠠᠢ ᠠᠢᠮᠠᠭ ᠤᠤᠰᠠᠭᠠᠲᠠᠨ ᠢ ᠨᠢᠭᠡᠳᠭᠡᠵᠦ ᠨᠢᠭᠡᠲᠦᠮᠡᠯ ᠮᠣᠩᠭᠤᠯ ᠦᠨᠳᠰᠦᠲᠡᠨ ᠢ ᠪᠦᠷᠢᠯᠳᠦᠭᠦᠯᠦᠭᠰᠡᠨ᠂ ᠲᠤᠮᠳᠠᠳᠤ ᠤᠷᠤᠨ ᠢ ᠲᠦᠪᠰᠢᠳᠭᠡᠬᠦ ᠶᠡᠬᠡ ᠦᠢᠯᠡ ᠵᠢ ᠰᠡᠳᠦᠭᠰᠡᠨ᠂ ᠠᠽᠢᠶ ᠠ ᠲᠢᠪ ᠪᠰ ᠵᠡᠬᠦᠨ ᠡᠸᠦ᠋ᠷᠦᠫᠡ ᠵᠦᠭ ᠴᠡᠷᠢᠭᠯᠡᠨ ᠪᠠᠷᠠᠭᠤᠨ ᠵᠦᠭ ᠤᠨ ᠤᠯᠤᠰ ᠦᠨᠳᠦᠰᠦᠲᠡᠨ ᠳ᠋ᠤ ᠲᠠᠢᠨ ᠤ ᠭᠠᠮᠰᠢᠭ ᠢ ᠲᠤᠯᠭᠠᠭᠰᠠᠨ ᠤ ᠬᠠᠮᠲᠤ ᠲᠤᠷᠼᠨᠠᠳᠠᠬᠢᠨ ᠪᠠ ᠦᠷᠦᠨᠡᠳᠡᠬᠢᠨ ᠤ ᠬᠤᠭᠤᠷᠤᠨᠳᠤᠬᠢ ᠤᠯᠤᠰ ᠲᠦᠷᠦ᠂ ᠠᠵᠤ ᠠᠬᠤᠢ᠂ ᠤᠳᠬ ᠠ ᠰᠣᠶᠣᠯ ᠤᠨ ᠬᠠᠷᠢᠯᠴᠠᠭᠠᠨ ᠤ ᠵᠠᠮ ᠢ ᠨᠡᠭᠡᠭᠡᠭᠰᠡᠨ ᠵᠡᠷᠭᠡ ᠨᠢ ᠭᠠᠭᠴᠠᠬᠦ ᠵᠡᠪᠰᠡᠭᠲᠦ ᠬᠦᠴᠦᠨ ᠳ᠋ᠤ ᠲᠦᠰᠢᠭᠯᠡᠭᠰᠡᠨ ᠲᠡᠳᠦᠢ ᠪᠢᠰᠢ᠂ ᠬᠠᠷᠢᠨ ᠨᠡᠩ ᠴᠢᠬᠤᠯᠠ ᠨᠢ ᠤᠯᠤᠰ ᠲᠦᠷᠦ ᠶᠢᠨ ᠲᠠᠯ ᠠ ᠪᠡᠷ᠂ᠰᠢᠨ᠎ᠡ ᠮᠠᠨᠳᠤᠭᠰᠠᠨ ᠹᠸᠤᠳᠠᠯ ᠠᠩᠬᠢ ᠶᠢᠨ ᠡᠷᠭᠡ ᠠᠰᠢᠭ ᠢ ᠲᠦᠯᠦᠭᠡᠯᠡᠭᠰᠡᠨ ᠪᠦᠷᠢᠨ ᠲᠦᠭᠦᠷ᠂ ᠲᠠᠪᠰᠢᠯᠳᠠᠳᠠᠢ ᠱᠤᠭᠤᠮ ᠴᠢᠭᠯᠡᠯᠲᠠ ᠪᠠ ᠠᠷᠭ᠎ᠠ ᠪᠣᠳᠤᠯᠭ᠎ᠠ ᠨᠤᠭᠤᠳ ᠢ ᠠᠪᠤᠭᠰᠠᠨ ᠲᠠᠢ ᠨᠢᠭᠲᠠ ᠬᠤᠯᠪᠤᠭ᠎ᠠ ᠲᠠᠢ ᠪᠠᠢᠨ᠎ᠠ᠃ ᠲᠣᠬᠠᠢ ᠶᠢᠨ ᠦᠶ ᠡ ᠳ᠋ᠤ ᠴᠢᠩᠬᠢᠰ ᠤᠨ ᠲᠤᠤᠷ ᠠ ᠲᠠᠢᠨ ᠪᠠᠢᠯᠳᠤᠭᠠᠨ ᠳ᠋ᠤ ᠲᠠᠳᠮᠠᠭᠠᠢ᠂ ᠬᠤᠷᠪᠤᠬᠤ ᠨᠠᠮᠨᠠᠬᠤ ᠳ᠋ᠤ ᠮᠡᠷᠭᠰᠢᠭᠰᠡᠨ ᠭᠠᠷᠮᠠᠭᠠᠢ ᠪᠠᠭᠠᠲᠤᠷᠴᠤᠳ ᠪᠠᠢᠭᠰᠠᠨ ᠢᠢᠡᠷ ᠦᠯᠦ ᠪᠠᠷᠠᠮ ᠨᠡᠩ ᠤᠯᠠᠨ ᠠᠯᠤᠰ ᠤᠨ ᠬᠦᠨ ᠬᠠᠷᠠᠯᠲᠠ ᠬᠦᠨ ᠪᠣᠳᠤᠯᠭ᠎ᠠ ᠵᠢ ᠡᠪᠦᠷᠯᠡᠭᠰᠡᠨ᠂ ᠡᠵᠡᠯᠡᠭᠰᠡᠨ ᠲᠦᠷᠦ ᠵᠢ ᠡᠮᠬᠢᠯᠡᠨ ᠵᠠᠬᠢᠷᠬᠤ ᠠᠷᠭ᠎ᠠ ᠪᠣᠳᠤᠯᠭ᠎ᠠ ᠪᠦᠬᠦᠢ ᠭᠠᠷᠮᠠᠭᠠᠢ ᠲᠦᠷᠦ ᠶᠢᠨ ᠵᠢᠳᠬᠦᠯᠲᠡᠨ ᠤᠳ ᠪᠠᠢᠵᠠᠢ᠃ ᠡᠳᠡᠭᠡᠷ ᠬᠤᠮ ᠲᠠᠭᠠᠷᠠᠵᠤ ᠬᠦᠷᠲᠦ ᠨᠡᠢᠯᠡᠭᠰᠡᠨ ᠪᠢᠴᠢᠭ ᠤᠨ ᠲᠦᠰᠢᠮᠡᠳ ᠡᠭᠦᠯᠡᠰ ᠮᠡᠲᠦ ᠬᠤᠷᠠᠯᠳᠤᠭᠠᠳ ᠲᠦᠪᠯᠡᠷᠡᠭᠰᠡᠨ ᠵᠠᠰᠠᠭᠲᠤ ᠹᠸᠤᠳᠠᠯ ᠤᠨ ᠲᠦᠷᠦ ᠳ᠋ᠦ ᠨᠢᠭᠡᠨ ᠰᠡᠳᠬᠢᠯ ᠢᠢᠡᠷ ᠦᠢᠯᠡᠴᠢᠯᠡᠭᠰᠡᠨ ᠶᠠᠪᠤᠳᠠᠯ ᠪᠣᠯ ᠴᠢᠩᠬᠢᠰ ᠬᠠᠭᠠᠨ ᠤ ᠤᠯᠤᠰ ᠲᠦᠷᠦ ᠶᠢᠨ ᠱᠤᠭᠤᠮ ᠤᠨ ᠬᠢᠨᠢ ᠴᠢᠬᠤᠯᠠ ᠨᠢᠭᠡᠨ ᠪᠦᠷᠢᠯᠳᠦᠬᠦᠨ ᠬᠡᠰᠡᠭ ᠪᠣᠯᠬᠤ ᠡᠷᠳᠡᠮᠲᠡᠳ ᠢ ᠠᠬᠤᠭᠤᠯᠤᠨ ᠬᠦᠴᠦᠲᠡᠨ ᠢ ᠬᠤᠷᠢᠶᠠᠵᠤ ᠤᠪᠤᠷ᠂ ᠴᠢᠳᠠᠪᠤᠷᠢ᠂ ᠦᠢᠯᠡᠳᠦᠯ ᠢᠢᠡᠷ ᠨᠢ ᠡᠷᠭᠦᠨ ᠲᠡᠪᠰᠢᠭᠦᠯᠳᠡᠭ ᠬᠦᠮᠦᠨ ᠬᠡᠷᠡᠭᠯᠡᠬᠦ ᠪᠣᠳᠤᠯᠭ᠎ᠠ ᠶᠢᠨ ᠬᠢᠨᠢ ᠵᠠᠢᠯᠠᠰᠢ ᠦᠭᠡᠢ ᠦᠷ ᠡ ᠳ᠋ᠦᠩ ᠪᠣᠯᠤᠨ᠎ᠠ᠃ |
Original Literature |
No Original Paper
|
出自 |
内蒙古师范大学学报
1980年
第2期
|