| Title | 
            ᠮᠣᠩᠭᠤᠯ ᠡᠮ ᠢᠶᠡᠷ ᠰᠢᠷᠠᠭᠯᠠᠭᠠ ᠶᠢᠨ ᠴᠢᠨᠠᠷ ᠲᠠᠢ ᠬᠤᠳᠤᠷᠢᠩᠬᠠᠢ ᠭᠡᠳᠡᠰᠦᠨ ᠦ ᠦᠷᠪᠢᠰᠦᠯ ᠢ ᠵᠠᠰᠠᠭᠰᠠᠨ 36 ᠵᠢᠱᠢᠶ ᠡ ᠶᠢᠨ ᠡᠮᠴᠢᠯᠡᠭᠡᠨ ᠦ ᠮᠡᠳᠡᠭᠦᠯᠦᠯᠲᠡ | 
          
          
            | Creator | 
            ᠪᠤᠤ ᠰᠡᠷᠭᠦᠯᠡᠩ; ᠰᠠᠢᠨᠴᠢᠮᠡᠭ᠌ | 
          
          
            | Keyword | 
            ᠣᠯᠤᠭᠠᠢ ᠶᠢᠨ ᠪᠤᠷᠤ ᠡᠪᠡᠳᠴᠢᠨ; ᠮᠣᠩᠭᠤᠯ ᠡᠮ; ᠨᠢᠷᠤᠬᠠ ᠵᠠᠰᠠᠯ | 
          
          
            | Abstract | 
            ᠮᠣᠩᠭᠤᠯ ᠡᠮ ᠢᠶᠡᠷ ᠰᠢᠷᠠᠭᠯᠠᠭᠠ ᠶᠢᠨ ᠴᠢᠨᠠᠷ ᠲᠠᠢ ᠬᠤᠳᠤᠷᠢᠩᠬᠠᠢ ᠭᠡᠳᠡᠰᠦᠨ ᠦ ᠦᠷᠪᠢᠰᠦᠯ ᠢ ᠵᠠᠰᠠᠬᠤ ᠡᠮᠴᠢᠯᠡᠭᠡᠨ ᠦ ᠠᠴᠢ ᠲᠤᠰᠠ ᠶᠢ ᠦᠨᠡᠯᠡᠯᠲᠡ ᠬᠢᠨᠡ᠃ ᠠᠷᠭᠠ᠄ ᠨᠡᠢᠲᠡ 72 ᠵᠢᠱᠢᠶᠡ ᠡᠪᠡᠳᠴᠢᠲᠡᠨ ᠢ ᠲᠠᠰᠢᠷᠠᠮ ᠢᠶᠠᠷ ᠳᠤᠷᠰᠢᠭᠴᠢ ᠳᠤᠭᠤᠢᠯᠠᠩ ᠪᠠ ᠬᠠᠷᠢᠴᠠᠭᠤᠯᠤᠭᠴᠢ ᠳᠤᠭᠤᠢᠯᠠᠩ ᠬᠤᠪᠢᠶᠠᠵᠤ᠂ ᠲᠤᠰ ᠪᠦᠷᠢ 36 ᠵᠢᠱᠢᠶᠡ᠂ ᠳᠤᠷᠰᠢᠭᠴᠢ ᠳᠤᠭᠤᠢᠯᠠᠩ ᠳᠤ ᠮᠣᠩᠭᠤᠯ ᠡᠮ ᠬᠡᠷᠡᠭᠯᠡᠨ ᠵᠠᠰᠠᠭᠰᠠᠨ ᠪᠠ ᠬᠠᠷᠢᠴᠠᠭᠤᠯᠤᠭᠴᠢ ᠳᠤᠭᠤᠢᠯᠠᠩ ᠢ ᠡᠸᠦ᠋ᠷᠦᠫᠡ ᠡᠮ ᠢᠶᠡᠷ ᠵᠠᠰᠠᠭᠰᠠᠨ ᠪᠠᠢᠨᠠ᠃ ᠦᠷᠡ ᠳ᠋ᠦᠩ᠄ ᠬᠤᠶᠠᠷ ᠳᠤᠭᠤᠢᠯᠠᠩ ᠤᠨ ᠡᠮᠴᠢᠯᠡᠭᠡᠨ ᠦ ᠠᠴᠢ ᠲᠤᠰᠠ  ᠨᠢ ᠳᠤᠷᠰᠢᠭᠴᠢ ᠳᠤᠭᠤᠢᠯᠠᠩ ᠤᠨ ᠶᠡᠷᠦᠩᠬᠡᠢ ᠲᠤᠰᠠᠯᠠᠭᠰᠠᠨ ᠨᠤᠷᠮᠠ ᠨᠢ 94.44%᠂ ᠬᠠᠷᠢᠴᠠᠭᠤᠯᠤᠭᠴᠢ ᠳᠤᠭᠤᠢᠯᠠᠩ ᠤᠨ ᠶᠡᠷᠦᠩᠬᠡᠢ ᠳᠤᠰᠠᠯᠠᠭᠰᠠᠨ ᠨᠤᠷᠮᠠ ᠨᠢ 86.11%᠂ ᠬᠤᠶᠠᠷ ᠳᠤᠭᠤᠢᠯᠠᠩ ᠢ ᠬᠤᠭᠤᠷᠤᠨᠳᠤ ᠨᠢ ᠬᠠᠷᠢᠴᠠᠭᠤᠯᠬᠤ ᠳᠤ ᠢᠯᠡᠷᠬᠡᠢ ᠵᠦᠷᠢᠶᠡ ᠲᠡᠢ (P<0.05)᠃ ᠰᠢᠨᠵᠢ ᠢᠯᠡᠷᠡᠯ ᠳᠦ ᠦᠵᠡᠭᠦᠯᠦᠭᠰᠡᠨ ᠡᠮᠴᠢᠯᠡᠭᠡᠨ ᠦ ᠠᠴᠢ ᠲᠤᠰᠠ ᠶᠢ ᠬᠠᠷᠢᠴᠠᠭᠤᠯᠪᠠᠯ᠂ ᠡᠪᠡᠳᠴᠢᠲᠡᠨ ᠦ ᠲᠦᠯᠢᠭᠦᠯᠬᠦ ᠪᠤᠯᠤᠨ ᠬᠡᠪᠡᠯᠢ ᠶᠢᠨ ᠬᠡᠰᠡᠭ ᠲᠦ ᠳᠠᠷᠤᠪᠠᠯ ᠡᠪᠡᠳᠬᠦ ᠰᠢᠨᠵᠢ ᠢᠯᠡᠷᠡᠯ ᠳᠦ ᠦᠵᠡᠭᠦᠯᠬᠦ ᠦᠢᠯᠡᠳᠦᠯ ᠨᠢ ᠲᠤᠷᠰᠢᠭᠴᠢ ᠳᠤᠭᠤᠢᠯᠠᠩ ᠨᠢ ᠬᠠᠷᠢᠴᠠᠭᠤᠯᠤᠭᠴᠢ ᠳᠤᠭᠤᠢᠯᠠᠩ ᠠᠴᠠ ᠢᠯᠡᠳᠲᠡ ᠳᠠᠪᠠᠭᠤᠯᠢᠭ (P<0.05)᠃ ᠪᠤᠰᠤᠳ ᠰᠢᠨᠵᠢ ᠢᠯᠡᠷᠡᠯ ᠨᠢ ᠬᠤᠶᠠᠷ ᠳᠤᠭᠤᠢᠯᠠᠩ ᠤᠨ ᠬᠤᠭᠤᠷᠤᠨᠳᠤ ᠢᠯᠡᠳᠲᠡ ᠵᠦᠷᠢᠶ ᠡ ᠦᠭᠡᠢ (P<0.05)᠃ ᠳ᠋ᠦᠩᠨᠡᠯᠲᠡ᠄ ᠮᠣᠩᠭᠤᠯ ᠡᠮ ᠢᠶᠡᠷ ᠣᠯᠣᠭᠠᠢ ᠶᠢᠨ ᠪᠤᠷᠤ ᠡᠪᠡᠳᠴᠢᠨ ᠢ ᠵᠠᠰᠠᠬᠤ ᠨᠢ ᠡᠳᠡᠭᠡᠷᠡᠯᠲᠡ ᠪᠡᠷ ᠰᠠᠢᠨ᠂ ᠳᠠᠬᠢᠯᠲᠠ ᠶᠢᠨ ᠨᠤᠷᠮᠠ ᠳᠤᠤᠷᠠ᠂ ᠭᠠᠵᠢᠭᠤ ᠦᠢᠯᠡᠳᠦᠯ ᠪᠠᠭᠠ ᠵᠡᠷᠭᠡ ᠳᠠᠪᠠᠭᠤᠯᠢᠭ ᠲᠠᠯᠠ ᠲᠠᠢ ᠪᠠᠢᠳᠠᠭ᠃ | 
          
          
            | Original Literature | 
            
              
              No Original Paper
              
             | 
          
          
            | 出自 | 
            
              内蒙古民族大学学报(蒙医药学)
              2015年
              第1期
             |