Abstract |
《ᠠᠯᠲᠠᠨ ᠬᠠᠭᠠᠨ ᠤ ᠴᠢᠯᠠᠭᠨᠤ ᠤ ᠪᠢᠴᠢᠭ》ᠪᠣᠯ ᠲᠦᠡᠮᠳ ᠤᠨ ᠠᠯᠲᠠᠨ ᠬᠠᠭᠠᠨ ᠤ ᠭᠡᠷᠡᠯᠲᠦ ᠬᠦᠰᠦᠶ ᠠ ᠪᠣᠯᠤᠨ᠎ᠠ᠃ ᠲᠤᠰ ᠭᠡᠷᠡᠯᠲᠦ ᠬᠦᠰᠢᠶ ᠠ ᠨᠢ ᠴᠣᠯ ᠮᠣᠩᠭᠤᠯ ᠦᠰᠦᠭᠲᠦ ᠬᠦᠰᠢᠶ ᠠ ᠪᠠᠢᠵᠤ᠂ ᠭᠤᠤᠯᠳᠠᠭᠤ ᠲᠦᠡᠮᠳ ᠤᠨ ᠠᠯᠲᠠᠨᠬᠠᠭᠠᠨ ᠪᠡ ᠲᠡᠬᠦᠨ ᠤ ᠠᠴᠢ ᠬᠦᠪᠡᠬᠦᠨ ᠲᠠᠢᠴᠢᠩ ᠨᠤᠶᠠᠨ ᠵᠢᠴᠢ ᠲᠠᠢᠭᠠᠯ ᠬᠠᠲᠤᠨ ᠨᠠᠷ ᠰᠦᠮ ᠠ ᠭᠡᠢᠳ ᠪᠠᠢᠭᠤᠯᠵᠤ ᠪᠤᠷᠬᠠᠨ ᠤ ᠱᠠᠰᠢᠨ ᠢ ᠰᠤᠷᠲᠠᠯᠴᠢᠯᠠᠨ ᠲᠡᠯᠭᠡᠷᠡᠭᠦᠯᠦᠭᠰᠡᠨ ᠦᠢᠯᠡ ᠠᠵᠢᠯᠯᠠᠭ᠎ᠠ ᠵᠢ ᠮᠠᠭᠲᠠᠨ ᠰᠢᠯᠦᠭᠯᠡᠭᠰᠡᠨ ᠬᠪᠤᠷ ᠨᠠᠨᠳᠢᠨ ᠪᠡᠶᠡᠲᠦ ᠭᠡᠷᠡᠭᠯᠡᠭᠳᠡᠬᠦᠨ ᠪᠤᠯᠤᠨ᠎ᠠ᠃ ᠲᠤᠰ ᠬᠦᠰᠢᠶᠡᠨ ᠪᠢᠴᠢᠭ ᠤᠨ ᠲᠣᠬᠠᠢ90ᠵᠢᠯ ᠤᠨ ᠡᠮᠦᠨ᠎ᠠ ᠡᠴᠡ ᠡᠬᠢᠯᠠᠨ ᠮᠡᠳᠡᠭᠡᠯᠡᠭᠰᠡᠭᠡᠷ ᠢᠷᠡᠭᠰᠡᠨ ᠪᠣᠯᠪᠠᠴᠦ ᠬᠦᠰᠢᠶᠡᠨ ᠪᠢᠴᠢᠭ ᠤᠨ ᠠᠭᠤᠯᠭ᠎ᠠ ᠵᠢ ᠬᠠᠷᠠᠬᠠᠨ ᠲᠠᠢᠯᠪᠤᠷᠢᠯᠠᠨ ᠣᠩᠰᠢᠭᠭᠠᠷ ᠪᠠᠢᠭᠰᠠᠭᠠᠭᠷ᠃ ᠦᠭᠦᠯᠡᠯ ᠳ᠋ᠤ ᠡᠨᠡᠬᠦ ᠦᠪᠡᠷᠮᠢᠴᠡ ᠲᠤᠷᠠᠰᠬᠠᠯ ᠢ ᠲᠡᠦᠬᠡᠨ ᠪᠠᠷᠢᠮᠲᠠ ᠪᠡᠷ ᠬᠠᠷᠢᠴᠠᠭᠤᠯᠤᠨ ᠰᠤᠳᠤᠯᠬᠤ ᠶᠢᠨ ᠲᠠᠠᠭᠤ ᠭᠤᠤᠯᠳᠠᠭᠤ ᠬᠦᠰᠢᠶᠡᠨ ᠪᠢᠴᠢᠭ ᠤᠨ ᠠᠭᠤᠯᠭ᠎ᠠ ᠵᠢ ᠲᠠᠢᠯᠪᠤᠷᠢᠯᠠᠨ ᠣᠩᠰᠢᠵᠤ᠂ ᠵᠠᠳᠠᠯᠤᠨ ᠰᠢᠨᠵᠢᠯᠡᠵᠦ᠂ ᠵᠠᠷᠢᠮ ᠲᠤᠳᠤᠷᠠᠭᠤᠨ ᠪᠤᠰᠤ ᠦᠭᠡ ᠦᠰᠦᠭ ᠢ ᠪᠢᠴᠢᠯᠭᠡ ᠶᠢᠨ ᠬᠡᠯᠪᠡᠷᠢ ᠲᠦᠷᠰᠦ ᠪᠠ ᠤᠳᠬ ᠠ ᠶᠢᠨ ᠠᠴᠪᠠᠯᠲᠤᠯ᠂ ᠦᠭᠡ ᠦᠭᠦᠯᠡᠪᠦᠷᠢ ᠶᠢᠨ ᠠᠪᠴᠠᠯᠳᠤᠯ ᠪᠠ ᠵᠠᠯᠪᠠᠷᠢᠯ ᠤᠨ ᠵᠠᠬᠢᠶᠠᠩᠭᠤᠢ ᠶᠢᠨ ᠲᠤᠭᠲᠠᠭᠰᠠᠨ ᠬᠡᠯᠪᠡᠡᠷᠢᠵᠢᠯ ᠵᠢᠴᠢ ᠦᠭᠡ ᠶᠢᠨ ᠡᠵᠡᠯᠡᠵᠦ ᠪᠦᠬᠦᠢ ᠤᠷᠤᠨ ᠵᠠᠢ᠂ ᠦᠯᠡᠳᠡᠭᠰᠡᠨ ᠤᠷᠤᠮ ᠤᠨ ᠪᠦᠲᠦᠭᠦᠪᠴᠢ ᠲᠦᠷᠬᠦ ᠵᠡᠷᠭᠡ ᠵᠢ ᠦᠨᠳᠦᠰᠦᠯᠡᠨ ᠰᠡᠷᠬᠦᠭᠡᠨ ᠣᠩᠰᠢᠭᠰᠠᠨ ᠪᠠ ᠬᠦᠰᠢᠶᠡᠨ ᠪᠢᠴᠢᠭ ᠲᠤ ᠭᠠᠷᠬᠤ ᠲᠠᠢᠴᠢᠩ ᠭᠡᠮᠡᠭᠴᠢ ᠪᠣᠯ ᠠᠯᠲᠠᠨ ᠬᠠᠭᠠᠨ ᠤ ᠤᠮᠪᠤᠯ ᠲᠠᠢᠴᠢᠩ ᠡᠵᠡᠢ ᠪᠤᠰᠦ᠂ ᠬᠠᠷᠢᠨ ᠶᠦᠩᠰᠢᠶᠠᠪᠤ ᠶᠢᠨ ᠲᠠᠢᠴᠢᠩ ᠨᠤᠶᠠᠨ ᠭᠡᠳᠡᠭ ᠢ ᠵᠢᠭᠠᠨ ᠭᠠᠷᠭᠠᠵᠠᠢ᠃ |