Paper Information


Title ᠮᠣᠩᠭᠣᠯ ᠡᠷᠳᠡᠮ ᠰᠢᠨᠵᠢᠯᠡᠭᠡᠨ ᠦ ᠦᠭᠦᠯᠡᠯ ᠳᠡᠬᠢ 《ᠵᠠᠩᠬᠢᠯᠠᠭ᠎ᠠ ᠶᠢᠨ ᠦᠬᠡ》ᠶ᠋ᠢᠨ ᠲᠤᠬᠠᠢ— ᠮᠣᠩᠭᠣᠯ ᠬᠡᠯᠡ ᠰᠢᠨᠵᠢᠯᠡᠯ ᠤᠨ ᠡᠷᠳᠡᠮ ᠰᠢᠨᠵᠢᠯᠡᠭᠡᠨ ᠦ ᠦᠭᠦᠯᠡᠯ ᠤᠨ ᠵᠢᠱᠢᠶᠡᠨ ᠳᠡᠭᠡᠷ ᠡ
Creator ᠳᠡᠯᠭᠡᠷᠮ ᠡ
Keyword ᠮᠣᠩᠭᠣᠯ ᠰᠤᠳᠤᠯᠤᠯ; ᠮᠣᠩᠭᠣᠯ ᠬᠡᠯᠡ ᠰᠢᠨᠵᠢᠯᠡᠯ ᠤᠨ ᠦᠭᠦᠯᠡᠯ ; ᠵᠠᠩᠬᠢᠯᠠᠭ᠎ᠠ ᠶᠢᠨ ᠦᠬᠡ; ᠲᠤᠭᠳᠠᠭᠠᠵᠤ ᠲᠦᠷᠢᠮᠵᠢᠭᠦᠯᠭᠦ ᠠᠷᠭ᠎ᠠ ᠵᠠᠷᠴᠢᠮ
Abstract ᠮᠣᠩᠭᠣᠯ ᠦᠭᠦᠯᠡᠯ ᠳᠡᠬᠢ ᠬᠡᠯᠡ ᠰᠢᠨᠵᠢᠯᠡᠯ ᠤᠨ ᠡᠷᠳᠡᠮ ᠰᠢᠨᠵᠢᠯᠡᠭᠡᠨ ᠦ ᠦᠭᠦᠯᠡᠯ ᠤᠨ ᠵᠠᠩᠬᠢᠯᠠᠭ᠎ᠠ ᠶᠢᠨ ᠦᠬᠡ ᠶᠢ ᠠᠵᠢᠭᠯᠠᠪᠠᠯ᠂ ᠨᠢ᠌ᠮᠠᠨ ᠵᠦᠢᠯ ᠤᠨ ᠠᠰᠠᠭᠤᠳᠠᠯ ᠤᠷᠤᠰᠢᠵᠤ ᠪᠤᠢ᠂ ᠡᠨᠡ ᠨᠢ ᠮᠣᠩᠭᠣᠯ ᠰᠤᠳᠤᠯᠤᠯ ᠳᠤ ᠵᠠᠩᠬᠢᠯᠠᠭ᠎ᠠ ᠶᠢᠨ ᠦᠬᠡ ᠶᠢ ᠲᠦᠷᠢᠮᠵᠢᠭᠦᠯᠭᠦ ᠶᠠᠪᠤᠳᠠᠯ ᠲᠤᠯᠭᠠᠮ ᠠ ᠱᠠᠭᠠᠷᠳᠠᠭᠳᠠᠵᠤ ᠪᠠᠢ᠌ᠬᠤ  ᠶᠢ ᠬᠠᠷᠠᠭᠤᠯᠵᠤ ᠪᠠᠢ᠌ᠬᠤ ᠶᠤᠮ᠃ ᠡᠭᠦᠨ ᠦ ᠲᠤᠰᠬᠠᠢ ᠮᠡᠷᠭᠡᠵᠢᠯ ᠤᠨᠨ ᠦᠬᠡ ᠪᠠᠷ ᠤᠨᠤᠭᠠᠨ ᠰᠤᠩᠭ᠋ᠤᠬᠤ ᠵᠠᠷᠴᠢᠮ᠂ ᠦᠭᠦᠯᠡᠯ ᠤᠨ ᠰᠡᠳᠦᠪ ᠢ ᠪᠦᠷᠢᠨ ᠬᠦᠢᠴᠡᠳ ᠢᠯᠡᠷᠡᠭᠦᠯᠬᠦ ᠵᠠᠷᠴᠢᠮ᠂ ᠲᠦᠷᠢᠮᠵᠢᠭᠰᠡᠨ ᠬᠡᠯᠡᠯᠬᠡ ᠪᠠᠷ ᠲᠤᠭᠳᠠᠭᠠᠬᠤ ᠵᠠᠷᠴᠢᠮ  ᠢ ᠪᠠᠷᠢᠮᠳᠠᠯᠠᠵᠤ ᠵᠩᠬᠢᠯᠠᠭ᠎ᠠ ᠶᠢᠨ ᠦᠬᠡ ᠶᠢ ᠰᠤᠩᠭ᠋ᠤᠨ ᠪᠤᠯᠪᠠᠰᠤᠷᠠᠭᠤᠯᠬᠤ ᠬᠡᠷᠡᠭᠳᠡᠢ᠃ ᠬᠡᠭᠦ ᠳᠡᠭᠡᠨ ᠵᠤᠬᠢᠶᠠᠭᠴᠢ ᠡᠴᠡ ᠲᠤᠬᠠᠢ ᠶᠢᠨ ᠦᠭᠦᠯᠡᠯ ᠤᠨ ᠰᠡᠳᠦᠪ ᠶᠢᠨ ᠦᠨᠳᠦᠰᠦᠯᠡᠵᠦ᠂ ᠭᠤᠤᠯ ᠠᠭᠤᠯᠭ᠎ᠠ ᠶᠢ ᠢᠯᠡᠳᠬᠡᠵᠦ ᠴᠢᠳᠠᠳᠠᠭ ᠬᠤᠯᠪᠤᠭᠳᠠᠯ ᠪᠦᠬᠦᠢ ᠦᠭᠡᠰ ᠶᠢᠨᠷ ᠬᠤᠷᠢᠶᠠᠩᠭ᠋ᠤᠢ᠌ᠯᠠᠨ ᠢᠯᠡᠷᠬᠡᠢ᠌ᠯᠡᠵᠦ ᠪᠤᠶᠤ ᠦᠭᠦᠯᠡᠯ ᠤᠨ ᠭᠠᠷᠴᠠᠭ᠂ ᠲᠤᠪᠴᠢ ᠠᠭᠤᠯᠭ᠎ᠠ᠂ ᠭᠤᠤᠯ ᠵᠤᠬᠢᠶᠠᠯ ᠡᠴᠡ ᠬᠤᠯᠪᠤᠭᠳᠠᠯ ᠪᠦᠭᠦᠢ ᠦᠭᠡᠰ ᠢ ᠰᠢᠭᠤᠳ ᠰᠤᠩᠭ᠋ᠤᠨ ᠠᠪᠴᠤ ᠢᠯᠡᠷᠬᠡᠢ᠌ᠯᠡᠵᠦ ᠪᠤᠯᠤᠨ᠎ᠠ᠃ ᠵᠠᠩᠬᠢᠯᠠᠭ᠎ᠠ ᠶᠢᠨ ᠦᠬᠡ ᠶᠢ ᠵᠤᠢ᠌ᠳᠡᠢ ᠪᠦᠷᠢᠨ ᠢᠯᠡᠷᠬᠡᠢ᠌ᠯᠡᠬᠦ ᠨᠢ ᠦᠭᠦᠯᠡᠯ ᠵᠤᠬᠢᠶᠠᠯ ᠤᠨ ᠠᠰᠢᠭᠯᠠᠯᠲᠠ ᠬᠢᠭᠡᠳ ᠲᠤᠷᠢᠨᠵᠢᠯ ᠵᠢᠴᠢ ᠦᠭᠦᠯᠡᠯ ᠪᠤᠯᠤᠨ ᠰᠡᠳᠬᠦᠯ ᠤᠨ ᠡᠷᠳᠡᠮ ᠰᠢᠨᠵᠢᠯᠡᠭᠡᠨ ᠦ ᠪᠠᠢ᠌ᠷᠢ ᠰᠠᠭᠤᠷᠢ ᠶᠢ ᠳᠡᠭᠡᠭ᠍ᠰᠢᠯᠡᠭᠦᠯᠭᠦ ᠳᠤ ᠴᠢᠬᠤᠯᠠ ᠠᠴᠢ ᠬᠤᠯᠪᠤᠭᠳᠠᠯ ᠲᠠᠢ ᠶᠤᠮ᠃
Original Literature View Original Paper
出自 中国蒙古学 2008年 第5期

联系我们


内蒙古大学图书馆
呼和浩特市大学西路235号
中国·内蒙古
P: (0471) 4992561
E: huangfeilong@imu.edu.cn