Abstract |
《 〈ᠵᠠᠩᠭ᠋ᠠᠷ〉 ᠤᠨ ᠨᠤᠳᠤᠭ — ᠬᠤᠪᠤᠭᠰᠠᠢ᠌ᠷᠢ》 ᠭᠡᠳᠡᠭ ᠬᠡᠯᠡᠯᠭᠡ ᠤᠢ᠌ᠷ᠎ᠠ ᠶᠢᠨ 5 — 6 ᠵᠢᠯ ᠳᠤ ᠰᠤᠨᠢᠨ ᠰᠡᠳᠭᠦᠯ᠂ ᠷᠠᠳᠢᠤ᠋ ᠲᠸᠯᠸᠢᠰ᠂ ᠲᠤᠤᠷ ᠰᠦᠯᠵᠢᠶ᠎ᠡ ᠪᠤᠯᠤᠨ ᠬᠦᠮᠦᠰ ᠤᠨ ᠲᠤᠮᠳᠠ ᠶᠡᠬᠡ ᠪᠡᠷ ᠬᠡᠯᠡᠭᠳᠡᠬᠦ ᠪᠤᠯᠵᠤ᠂ ᠤᠳᠤ ᠪᠠᠷᠤᠭ ᠬᠤᠪᠤᠭᠰᠠᠢ᠌ᠷᠢ ᠭᠡᠪᠡᠯ 《ᠵᠠᠩᠭ᠋ᠠᠷ》 ᠤᠨ ᠲᠤᠤᠯᠢ ᠶᠢ ᠬᠤᠯᠪᠤᠨ ᠪᠤᠳᠤᠵᠤ᠂ 《 ᠵᠠᠩᠭ᠋ᠠᠷ 》 ᠤᠨ ᠲᠤᠤᠯᠢ ᠭᠡᠪᠡᠯ ᠬᠤᠪᠤᠭᠰᠠᠢ᠌ᠷᠢ ᠰᠢᠶᠠᠨ ᠢ ᠲᠤᠷᠠᠰᠤᠨ ᠰᠠᠨᠠᠭᠠᠯᠵᠠᠬᠤ ᠬᠡᠮᠵᠢᠶᠡᠨ ᠳᠤ ᠬᠦᠷᠦᠭᠰᠡᠨ ᠪᠠᠢ᠌ᠨ᠎ᠡ᠃ ᠡᠨᠡ ᠬᠦ ᠪᠠᠢ᠌ᠳᠠᠯ ᠳᠤ ᠬᠦᠮᠦᠰ ᠤᠨ ᠲᠠᠨᠢᠯᠳᠠ ᠠᠳᠠᠯᠢ ᠦᠭᠡᠢ ᠡᠴᠡ ᠪᠤᠯᠵᠤ ᠶᠠᠩᠵᠤ ᠪᠦᠷᠢ ᠶᠢᠨ ᠶᠠᠷᠢᠶ᠎ᠠ ᠬᠡᠯᠡᠯᠴᠡᠭᠡ ᠭᠠᠷᠴᠤ ᠪᠠᠢ᠌ᠨ᠎ᠠ᠃ ᠡᠳᠡᠭᠡᠷ ᠢ ᠬᠤᠷᠢᠶᠠᠩᠭ᠋ᠤᠢ᠌ᠯᠠᠪᠠᠯ ᠶᠡᠬᠡ ᠲᠦᠯᠦᠪ ᠪᠠᠳᠤᠯᠠᠨ ᠵᠦᠪᠳᠡᠭᠡᠬᠦ ᠪᠠ ᠰᠡᠵᠢᠭᠯᠡᠨ ᠦᠭᠡᠢ᠌ᠰᠭᠡᠬᠦ ᠭᠡᠰᠡᠨ ᠬᠤᠶᠠᠷ ᠵᠦᠢᠯ ᠤᠨ ᠰᠠᠨᠠᠯ ᠲᠡᠭᠡᠷ᠎ᠡ ᠲᠦᠪᠯᠡᠷᠡᠵᠦ ᠪᠤᠢ᠃ |